ᠰᠢᠨ᠎ᠡ ᠪᠦᠯᠢᠶᠡᠨ ᠰᠦ ᠤᠤᠭᠤᠬᠤ ᠪᠤᠶᠤ ᠡᠭᠡᠳᠡᠭᠰᠡᠨ ᠰᠦ᠂ ᠲᠠᠷᠠᠭ᠂ ᠠᠶᠢᠷᠠᠭ ᠤᠤᠭᠤᠪᠠᠯ ᠡᠪᠡᠳᠴᠢᠨ ᠵᠠᠰᠠᠳᠠᠭ | ᠃ ᠬᠤᠳᠤᠭᠤᠳᠤᠨ ᠤ ᠡᠪᠡᠳᠴᠢᠨ ᠢᠶᠠᠷ ᠪᠦᠭᠡᠯᠵᠢᠬᠦ ᠳᠤ ᠬᠦᠮᠦᠨ ᠤ ᠰᠦ ᠠᠷᠪᠢᠨ ᠤᠤᠭᠤᠵᠤ᠂ ᠴᠠᠭᠠᠨ ᠡᠭᠦᠷ ᠢ | ᠦᠷᠭᠦᠯᠵᠢ ᠢᠳᠡᠪᠡᠯ ᠰᠠᠶᠢᠨ᠃ ᠨᠢᠯᠬ᠎ᠠ ᠬᠡᠤᠬᠡᠳ ᠤᠨ ᠬᠦᠬᠦᠵᠦ ᠪᠠᠶᠢᠬᠤ ᠬᠦᠬᠦᠨ ᠰᠦ ᠪᠤᠯ ᠵᠤᠬᠢᠬᠤ ᠡᠪᠡᠳᠴᠢᠨ ᠢ | ᠠᠷᠢᠯᠭᠠᠳᠠᠭ᠃ ᠲᠡᠮᠡᠭᠡᠨ ︵ᠢᠩᠭᠡᠨ︶ ᠤ ᠰᠦ᠂ ᠲᠠᠷᠠᠭ ᠨᠢ ᠪᠠᠮ ᠡᠪᠡᠳᠴᠢᠨ ᠳᠤ ᠲᠤᠰᠠᠲᠠᠢ᠃ ᠬᠤᠷᠤᠬᠠᠢ ᠰᠢᠪᠡᠵᠢ | ᠂ ᠮᠤᠭᠠᠢ᠂ ᠬᠢᠯᠢᠨᠴᠡᠲᠦ ᠬᠤᠷᠤᠬᠠᠢ ᠳᠤ ᠵᠠᠭᠤᠭᠳᠠᠪᠠᠯ ᠲᠡᠮᠡᠭᠡᠨ ᠤ ᠰᠦ᠂ ᠲᠠᠷᠠᠭ ᠢ ᠤᠤᠭᠤᠯᠭᠠᠬᠤ ᠪᠤᠶᠤ ᠲᠦᠷᠬᠢᠵᠦ | ᠤᠬᠢᠶᠠᠵᠤ ᠪᠦᠷ ᠪᠤᠯᠳᠠᠭ᠃ ᠲᠡᠮᠡᠭᠡᠨ ᠤ ᠰᠦ ᠬᠡᠢ᠂ ᠪᠠᠳᠭᠠᠨ᠂ ᠭᠡᠳᠡᠰᠦ ᠬᠦᠭᠡᠭᠡᠬᠦ᠂ ᠬᠤᠷᠤᠬᠠᠢ᠂ ᠰᠤᠪᠠᠭ | ᠬᠠᠪᠤᠩ᠂ ᠤᠰᠤᠨ ᠬᠠᠪᠤᠩ᠂ ᠬᠤᠰᠭᠢᠨᠠᠭ ᠤᠨ ᠡᠪᠡᠳᠴᠢᠨ ᠢ ᠠᠷᠢᠯᠭᠠᠬᠤ ᠳᠤ ᠲᠤᠰᠠᠲᠠᠢ ᠪᠠᠶᠢᠳᠠᠭ᠃ ᠦᠨᠢᠶᠡᠨ | ᠰᠦ ᠶᠢ ᠪᠤᠴᠠᠯᠭᠠᠵᠤ ᠤᠤᠭᠤᠪᠠᠯ ᠬᠦᠭᠰᠢᠳ ᠤᠨ ᠪᠡᠶ᠎ᠡ ᠶᠢ ᠰᠢᠮᠡᠵᠢᠭᠦᠯᠵᠦ ᠢᠳᠡᠭᠡᠨ ᠢ ᠰᠢᠩᠭᠡᠭᠡᠵᠦ ᠨᠦᠢᠷ ᠰᠠᠶᠢᠲᠠᠢ | ᠪᠤᠯᠭᠠᠳᠠᠭ᠃ ᠦᠨᠢᠶᠡᠨ ᠰᠦ ᠪᠤᠯ ᠠᠭᠤᠰᠭᠢᠨ ᠡᠪᠡᠳᠴᠢᠨ᠂ ᠠᠭᠤᠰᠭᠢᠨ ᠤ ᠠᠷᠬᠠᠭ᠂ ᠰᠢᠷ᠎ᠠ᠂ ᠴᠢᠰᠤ᠂ | ᠬᠠᠭᠤᠴᠢᠷᠠᠭᠰᠠᠨ ᠬᠢᠵᠢᠭ᠂ ᠰᠢᠵᠢᠩ ᠡᠪᠡᠳᠴᠢᠨ᠂ ᠠᠭᠰᠠᠭ᠎ᠠ᠂ ᠴᠠᠷ ᠢᠶᠠᠷ ᠬᠠᠨᠢᠶᠠᠯᠭᠠᠬᠤ᠂ ᠦᠯᠦᠰᠴᠦ | ᠤᠮᠳᠠᠭᠠᠰᠬᠤ᠂ ᠵᠦᠳᠡᠷᠡᠬᠦ᠂ ᠲᠤᠯᠤᠭᠠᠢ ᠡᠷᠭᠢᠬᠦ᠂ ᠴᠤᠭ ᠪᠠᠭᠤᠷᠠᠬᠤ᠂ ᠮᠠᠨᠠᠷᠠᠬᠤ ᠵᠡᠷᠭᠡ ᠶᠢ ᠵᠠᠰᠠᠵᠤ᠂ ᠴᠤᠭ | ᠵᠢᠪᠬᠤᠯᠠᠩ ᠢ ᠰᠠᠶᠢᠵᠢᠷᠠᠭᠤᠯᠵᠤ᠂ ᠬᠦᠴᠦ ᠶᠢ ᠨᠡᠮᠡᠭᠳᠡᠭᠦᠯᠦᠨ᠎ᠡ᠃ ᠪᠠᠰᠠ ᠲᠤᠰᠤᠯ ᠢ ᠠᠷᠪᠢᠵᠢᠭᠤᠯᠵᠤ ᠬᠡᠢ ᠰᠢᠷ᠎ᠠ ᠶᠢ | ᠠᠷᠢᠯᠭᠠᠳᠠᠭ᠃ ᠨᠠᠷᠢ ᠭᠤᠯᠭᠢᠶᠠ ᠳᠤ 1 ᠴᠤᠮᠤ ᠦᠨᠢᠶᠡᠨ ᠰᠦ᠂ 2 ᠯᠠᠩ ᠭᠤᠭᠤᠳ ᠤᠨ ᠰᠢᠭᠦᠰᠦ ᠶᠢ 5 ᠴᠢᠨ | ᠭᠠ ᠶᠢᠨ ᠱᠦᠯᠦ ᠲᠠᠢ ᠬᠤᠯᠢᠵᠦ ᠤᠤᠭᠤᠪᠠᠯ ᠰᠠᠶᠢᠨ᠃ ᠦᠨᠢᠶᠡᠨ ᠰᠦ ᠶᠢᠨ ᠠᠶᠢᠷᠠᠭ ᠨᠢ ᠬᠤᠤᠷ᠎ᠠ ᠪᠦᠬᠦᠨ ᠢ | ᠳᠠᠷᠤᠵᠤ ᠬᠤᠰᠬᠢᠨᠠᠭ ᠤᠨ ᠬᠦᠪᠲᠦᠷᠦᠦ ᠶᠢ ᠵᠠᠰᠠᠳᠠᠭ᠃ ᠦᠨᠢᠶᠡᠨ ᠰᠦ ᠶᠢᠨ ᠲᠠᠷᠠᠭ ᠪᠤᠯ ᠰᠢᠷ᠎ᠠ ᠶᠢᠨ | ᠡᠪᠡᠳᠴᠢᠨ ᠳᠤ ᠰᠠᠶᠢᠨ᠃ ᠦᠨᠢᠶᠡᠨ ᠰᠦ ᠶᠢᠨ ᠬᠦᠴᠦᠲᠠᠢ ︵ᠢᠰᠭᠦᠯᠡᠩ︶ ᠠᠭᠠᠷᠤᠤᠯ ᠢ ᠴᠢᠨᠠᠵᠤ ᠢᠳᠡᠪᠡᠯ | ᠰᠠᠭᠤᠯᠭᠠᠬᠤ ᠶᠢ ᠵᠤᠭᠰᠤᠭᠠᠵᠤ᠂ ᠬᠢᠵᠢᠭ ᠤᠨ ᠬᠠᠯᠠᠭᠤᠨ᠂ ᠬᠤᠤᠷ᠎ᠠ ᠪᠠᠷ ᠰᠠᠭᠤᠯᠭᠠᠬᠤ ᠶᠢ ᠵᠠᠰᠠᠳᠠᠭ᠃ | ᠬᠠᠯᠠᠭᠤᠨ ᠢᠶᠠᠷ ᠠᠭᠤᠰᠭᠢ ᠵᠢᠷᠦᠬᠡ ᠡᠪᠡᠳᠬᠦ ᠳᠤ ᠰᠢᠷ᠎ᠠ ᠦᠨᠢᠶᠠᠨ ᠰᠦ ᠬᠢᠭᠡᠳ ᠴᠢᠮᠦᠭᠡ ᠶᠢ ᠦᠭᠴᠦ᠂ | ᠬᠦᠢᠲᠡᠨ ᠢᠶᠠᠷ ᠠᠭᠤᠰᠭᠢ ᠵᠢᠷᠦᠬᠡ ᠲᠦᠭᠰᠢᠵᠦ ᠪᠦᠭᠡᠯᠵᠢᠬᠦ ᠳᠤ ᠬᠠᠷ᠎ᠠ ᠦᠨᠢᠶᠡᠨ ᠰᠦ ᠤᠤᠭᠤᠯᠭᠠᠪᠠᠯ ᠲᠤᠰᠠᠲᠠᠢ | ᠪᠠᠶᠢᠳᠠᠭ᠃ ᠬᠤᠳᠤᠭᠤᠳᠤᠨ ᠳᠤ ᠢᠳᠡᠭᠡ ᠲᠤᠭᠲᠠᠵᠤ ᠬᠠᠯᠠᠭᠤᠨ ᠤᠷᠭᠢᠭᠠᠳ ᠰᠢᠭᠡᠵᠦ ᠶᠠᠳᠠᠬᠤ ᠳᠤ ᠬᠠᠷᠠᠭᠴᠢ | ᠦᠨᠢᠶᠡᠨ ᠤ ᠰᠦ᠂ ᠬᠤᠨᠢᠨ ᠰᠦ ᠶᠢ ᠬᠤᠯᠢᠵᠦ ᠤᠤᠭᠤᠯᠭᠠᠪᠠᠯ ᠰᠠᠶᠢᠨ᠃ ᠶᠡᠭᠡ ᠬᠠᠲᠠᠭᠤ ᠡᠪᠡᠳᠴᠢᠨ ᠢᠶᠠᠷ ᠮᠢᠬ᠎ᠠ | ᠪᠠᠭᠤᠷᠠᠵᠤ ᠲᠡᠩᠬᠡ ᠲᠠᠮᠢᠷ ᠠᠯᠳᠠᠭᠳᠠᠭᠰᠠᠨ ᠳᠤ 1 ᠠᠶᠠᠭ᠎ᠠ ᠰᠢᠷ᠎ᠠ ᠦᠨᠢᠶᠡᠨ ᠤ ᠰᠦ ᠶᠢ 4 ᠠᠶᠠᠭ᠎ᠠ ᠤᠰᠤᠨ ᠳᠤ | ᠬᠢᠵᠦ ᠪᠤᠴᠠᠯᠭᠠᠨ 1 ᠠᠶᠠᠭ᠎ᠠ ᠪᠤᠯᠲᠠᠯ᠎ᠠ ᠰᠢᠷᠭᠢᠭᠡᠳ ᠤᠤᠭᠤᠯᠭᠠᠪᠠᠯ ᠮᠠᠷᠢᠶᠠᠯᠠᠭᠤᠯᠳᠠᠭ᠃ ᠬᠠᠶᠢᠨᠤᠭ ᠤᠨ ᠰᠦ | ᠡᠪᠡᠳᠴᠢᠨ ᠪᠦᠬᠦᠨ ᠢ ᠠᠷᠢᠯᠭᠠᠨ᠎ᠠ᠃ ᠰᠠᠷᠯᠤᠭ ᠤᠨ ᠰᠦ ᠬᠡᠢ ᠶᠢ ᠳᠠᠷᠤᠬᠤ ᠶᠤᠮ᠃ ᠰᠢᠷ᠎ᠠ ᠪᠠᠷ ᠬᠦᠯᠯᠡᠭᠰᠡᠨ | ᠡᠪᠡᠳᠴᠢᠨ ᠳᠤ ᠦᠨᠢᠶᠡᠨ ᠰᠦ᠂ ᠮᠢᠬᠠᠨ ᠱᠦᠯᠦ᠂ ᠪᠤᠴᠠᠯᠤᠭᠰᠠᠨ ᠬᠦᠢᠲᠡᠨ ᠤᠰᠤ ᠵᠡᠷᠭᠡ ᠵᠤᠬᠢᠮᠵᠢᠲᠠᠢ ᠪᠠᠶᠢᠳᠠᠭ᠃ | ᠦᠷᠯᠦᠭᠡ ᠪᠦᠷᠢ 1 ᠠᠶᠠᠭ᠎ᠠ ᠦᠨᠢᠶᠡᠨ ᠰᠦ ᠶᠢᠨ ᠬᠢᠷᠠᠮ᠎ᠠ ᠤᠤᠭᠤᠪᠠᠯ ᠰᠢᠷ᠎ᠠ ᠬᠤᠰᠤᠬᠤ ᠠᠶᠠᠨᠳᠠᠭᠠᠨ | ᠳᠠᠷᠤᠭᠳᠠᠳᠠᠭ᠃ ᠦᠨᠢᠶᠡᠨ ᠤ ᠰᠢᠨ᠎ᠡ ᠠᠶᠢᠷᠠᠭ ᠪᠤᠯ ᠬᠤᠳᠤᠭᠤᠳᠤᠨ ᠤ ᠢᠯᠴᠢ ᠶᠢ ᠡᠭᠦᠰᠭᠡᠵᠦ᠂ ᠪᠠᠳᠭᠠᠨ ᠬᠡᠢ᠂ | ᠪᠡᠲᠡᠬᠢ᠂ ᠤᠰᠤᠨ ᠬᠠᠪᠤᠩ᠂ ᠬᠤᠰᠬᠢᠨᠠᠭ ᠤᠨ ᠬᠦᠪᠲᠦᠷᠦᠦ᠂ ᠬᠤᠳᠤᠭᠤᠳᠤ ᠳᠡᠯᠢᠭᠦᠨ ᠤ ᠡᠪᠡᠳᠴᠢᠨ᠂ ᠰᠢᠭᠡᠰᠦ | ᠴᠢᠪᠳᠠᠭᠰᠢᠬᠤ᠂ ᠲᠤᠷ᠎ᠠ ᠪᠤᠯᠭᠢᠬᠤ᠂ ᠡᠰᠡ ᠰᠢᠩᠭᠡᠭᠰᠡᠨ᠂ ᠨᠠᠶᠢᠷᠠᠭᠤᠯᠤᠭᠰᠠᠨ ᠬᠤᠤᠷ᠎ᠠ᠂ ᠴᠠᠶᠢᠪᠤᠷ ᠬᠠᠪᠤᠩ ᠳᠤ | ᠲᠤᠰᠠᠲᠠᠢ᠃ ᠦᠨᠢᠶᠡᠨ ᠤ ᠡᠭᠡᠳᠡᠭᠰᠡᠨ ᠰᠦ ᠶᠢᠨ ᠰᠢᠷ᠎ᠠ ᠤᠰᠤ ᠦᠴᠦᠬᠡᠨ ᠲᠤᠭᠤᠯᠭᠠᠵᠤ᠂ ᠲᠠᠷᠠᠭ ᠨᠢ ᠬᠡᠢ ᠶᠢ | ᠳᠠᠷᠤᠵᠤ ᠬᠤᠷᠭᠤᠰᠤ ᠶᠢ ᠵᠦᠭᠡᠯᠡᠷᠡᠭᠦᠯᠦᠨ ᠢᠳᠡᠭᠡᠨ ᠤ ᠲᠤᠷᠠᠰᠢᠯ ᠢ ᠰᠠᠶᠢᠵᠢᠷᠠᠭᠤᠯᠵᠤ᠂ ᠰᠠᠭᠤᠯᠭᠠᠬᠤ ᠶᠢ ᠲᠦᠷᠭᠡᠨ | ᠵᠤᠭᠰᠤᠭᠠᠵᠤ᠂ ᠦᠭᠡᠬᠦ ᠲᠤᠰᠤᠯ ᠤᠨ ᠬᠦᠴᠦ ᠶᠢ ᠨᠡᠮᠡᠭᠳᠡᠭᠦᠯᠳᠡᠭ ᠪᠤᠯᠪᠠᠴᠤ ᠴᠢᠰᠦ ᠰᠢᠷ᠎ᠠ ᠶᠢᠨ ᠬᠦᠴᠦᠨ ᠢ | ᠨᠡᠮᠡᠭᠳᠡᠭᠦᠯᠵᠦ ᠰᠤᠪᠠᠭ ᠬᠠᠪᠤᠩ ᠢ ᠡᠭᠦᠰᠭᠡᠳᠡᠭ᠃ ᠲᠤᠰᠤ ᠦᠭᠡᠢ ᠲᠠᠷᠠᠭ ᠨᠢ ᠬᠢᠵᠢᠭ ᠲᠠᠷᠬᠠᠵᠤ ᠬᠢᠮᠤᠷᠠᠭᠰᠠᠨ ᠢ | ᠠᠷᠢᠯᠭᠠᠨ ᠰᠠᠭᠤᠯᠭᠠᠬᠤ ᠶᠢ ᠵᠤᠭᠰᠤᠭᠠᠬᠤ ᠦᠢᠯᠡᠳᠦᠯ ᠲᠠᠢ᠃ ᠰᠢᠭᠡᠰᠦ ᠬᠤᠷᠢᠭᠳᠠᠭᠰᠠᠨ ᠳᠤ ᠲᠠᠷᠠᠭ ᠢ ᠮᠦᠰᠦᠨ | ᠰᠢᠬᠢᠷ ᠲᠠᠢ ᠵᠢᠭᠤᠷᠠᠵᠤ ᠤᠤᠭᠤᠯᠭᠠᠪᠠᠯ ᠰᠠᠶᠢᠨ ᠪᠠᠶᠢᠳᠠᠭ᠃ ᠰᠢᠷ᠎ᠠ ᠪᠠᠷ ᠲᠤᠯᠤᠭᠠᠢ ᠡᠪᠡᠳᠪᠡᠯ ᠨᠠᠷᠠᠨ ᠳᠤ ᠡᠭᠡᠭᠡᠵᠦ | ᠲᠠᠷᠠᠭ ᠤᠤᠭᠤᠯᠭᠠᠪᠠᠯ ᠰᠠᠶᠢᠨ᠂ ᠡᠬᠡᠨᠡᠷ ᠬᠦᠮᠦᠨ ᠤ ᠰᠢᠭᠡᠰᠦ ᠬᠤᠷᠢᠭᠳᠠᠪᠠᠯ ᠲᠠᠷᠠᠭ ᠲᠤ ᠦᠵᠦᠮ ᠬᠤᠯᠢᠵᠦ | ᠪᠤᠴᠠᠯᠭᠠᠵᠤ ᠤᠤᠭᠤᠯᠭᠠᠪᠠᠯ ᠲᠤᠰᠠᠯᠠᠳᠠᠭ᠃ ᠭᠡᠬᠦᠦ ᠶᠢᠨ ᠰᠦ ᠪᠤᠯ ᠠᠭᠤᠰᠭᠢ ᠶᠢ ᠲᠦᠯᠦᠵᠢᠭᠦᠯᠵᠦ ᠦᠶ᠎ᠡ | ᠭᠡᠰᠢᠭᠦᠨ ᠤ ᠬᠡᠢ ᠶᠢ ᠳᠠᠷᠤᠬᠤ ᠪᠤᠯᠪᠠᠴᠤ ᠮᠤᠩᠬᠠᠷᠠᠭᠤᠯᠳᠠᠭ᠃ ᠠᠭᠤᠰᠭᠢᠨ ᠰᠦᠷᠢᠶ᠎ᠡ ᠡᠪᠡᠳᠴᠢᠨ ᠢ ᠵᠠᠰᠠᠬᠤ ᠳᠤ | ᠭᠡᠬᠦᠦ ᠶᠢᠨ ᠰᠦ ᠶᠢᠨ ᠠᠶᠢᠷᠠᠭ — ᠴᠡᠭᠡ ᠶᠢ ᠵᠤᠨ ᠳᠠᠷᠠᠭᠠᠯᠠᠨ ᠤᠤᠭᠤᠪᠠᠯ ᠰᠠᠶᠢᠨ᠃ ᠴᠡᠭᠡ ᠶᠢ ᠤᠳᠠᠭᠠᠨ | ᠤᠤᠭᠤᠪᠠᠯ ᠪᠠᠭ᠋ᠤᠤ ︵ᠠᠰᠢᠭ ᠡᠪᠡᠳᠴᠢᠨ︶ ᠡᠪᠡᠳᠴᠢᠨ ᠢ ᠠᠷᠢᠯᠭᠠᠳᠠᠭ᠃ ᠬᠤᠨᠢᠨ ᠤ ᠰᠦ ᠪᠤᠯ ᠬᠡᠢ ᠶᠢ ᠳᠠᠷᠤᠳᠠᠭ | ᠂ ᠤᠭᠤᠷᠠᠭ ᠨᠢ ᠬᠦᠴᠦᠨ ᠴᠢᠳᠠᠯ ᠡᠭᠦᠰᠭᠡᠵᠦ ᠲᠤᠰᠤᠯ ᠢ ᠨᠡᠮᠡᠭᠳᠡᠭᠦᠯᠦᠨ ᠨᠦᠢᠷ ᠢ ᠶᠡᠬᠡᠳᠬᠡᠵᠦ᠂ ᠰᠡᠳᠭᠢᠯ ᠢ | ᠲᠠᠶᠢᠪᠤᠰᠢᠷᠠᠭᠤᠯᠳᠠᠭ᠃ ᠭᠡᠪᠡᠴᠦ ᠬᠡᠳᠤᠷᠡᠲᠡᠯᠡ ᠤᠤᠭᠤᠪᠠᠯ ᠪᠠᠳᠬᠠᠨ ᠢ ᠡᠭᠦᠰᠭᠡᠵᠦ᠂ ᠬᠤᠷᠭᠤᠰᠤᠯᠠᠬᠤ ᠪᠠ ᠪᠡᠶ᠎ᠡ ᠶᠢ | ᠬᠦᠨᠳᠦᠷᠡᠭᠦᠯᠳᠡᠭ᠂ ᠰᠢᠨ᠎ᠡ ᠰᠠᠭᠠᠭᠰᠠᠨ ᠪᠦᠯᠢᠶᠡᠨ ᠰᠦ ᠪᠤᠯ ᠬᠦᠯ ᠤᠨ ᠪᠠᠮ ᠡᠪᠡᠳᠴᠢᠨ ᠢ ᠠᠷᠢᠯᠭᠠᠵᠤ ᠳᠤᠲᠤᠷ᠎ᠠ | ᠬᠠᠪᠤᠩ ᠢ ᠬᠠᠷᠢᠭᠤᠯᠳᠠᠭ᠃ ᠬᠡᠤᠬᠡᠳ ᠤᠨ ᠰᠢᠳᠦ ᠭᠡᠮᠲᠦᠪᠡᠯ ᠬᠤᠨᠢᠨ ᠤ ᠤᠭᠤᠷᠠᠭ ᠤᠤᠭᠤᠯᠭᠠᠪᠠᠯ ᠰᠠᠶᠢᠨ᠂ | ᠬᠤᠨᠢᠨ ᠤ ᠰᠦ ᠳᠤ ᠭᠠᠷ ᠤᠷᠬᠤᠳᠠᠢ ︵ᠸᠠᠩᠯᠠᠭ︶᠂ ᠴᠠᠭᠠᠨ ᠬᠤᠤᠷ᠂ ᠬᠡᠷᠢᠶᠡᠨ ᠨᠢᠳᠦ᠂ ᠮᠤᠬᠤᠷ ᠴᠠᠭᠠᠨ | ᠵᠡᠷᠭᠡ ᠶᠢ ᠴᠢᠨᠠᠵᠤ ᠬᠠᠲᠠᠭᠠᠭᠠᠳ ᠬᠡᠷᠡᠭᠯᠡᠪᠡᠯ ᠡᠮ ᠤᠨ ᠴᠢᠳᠠᠯ ᠢ ᠭᠦᠶᠦᠯᠭᠡᠵᠦ ᠬᠦᠴᠦ ᠰᠠᠶᠢᠲᠠᠢ ᠪᠤᠯᠭᠠᠳᠠᠭ᠃ | ᠢᠮᠠᠭᠠᠨ ᠰᠦ ᠪᠤᠯ ᠤᠮᠳᠠᠭᠠᠰᠬᠤ᠂ ᠬᠢᠵᠢᠭ ᠡᠪᠡᠳᠴᠢᠨ᠂ ᠠᠮᠢᠰᠬᠤᠯ ᠠᠮᠤᠷ ᠦᠭᠡᠢ ᠪᠤᠯᠬᠤ᠂ ᠴᠢᠰᠤᠨ ᠡᠪᠡᠳᠴᠢᠨ᠂ | ᠰᠢᠷ᠎ᠠ ᠶᠢᠨ ᠬᠠᠯᠠᠭᠤᠨ ᠡᠪᠡᠳᠴᠢᠨ ᠵᠡᠷᠭᠡ ᠶᠢ ᠠᠨᠠᠭᠠᠬᠤ ᠳᠤ ᠲᠤᠰᠠᠲᠠᠢ᠃ ᠢᠮᠠᠭᠠᠨ ᠤ ᠰᠢᠨ᠎ᠡ ᠰᠠᠭᠠᠭᠰᠠᠨ ᠰᠦ | ᠪᠤᠯ ᠲᠠᠮᠢᠷ ᠤᠷᠤᠭᠤᠯᠬᠤ ᠳᠤ ᠳᠡᠭᠡᠲᠦ ᠢᠳᠡᠭᠡᠨ᠃ ᠦᠨᠵᠢᠭᠰᠡᠨ ᠬᠦᠢᠲᠡᠨ ᠰᠦ ᠪᠤᠯ ᠬᠦᠨᠳᠦ ᠪᠦᠭᠡᠳ ᠰᠡᠷᠢᠭᠦᠨ | ᠴᠢᠨᠠᠷ ᠲᠠᠢ ᠲᠤᠯᠠ ᠬᠡᠢ ᠪᠠ ᠬᠠᠯᠠᠭᠤᠨ ᠢ ᠳᠠᠷᠤᠵᠤ᠂ ᠬᠤᠷᠤᠬᠠᠢ ᠪᠠ ᠪᠠᠳᠭᠠᠨ ᠬᠦᠢᠲᠡᠨ ᠢ ᠠᠷᠢᠯᠭᠠᠵᠤ ᠪᠡᠶ᠎ᠡ ᠶᠢ | ᠬᠦᠩᠭᠡᠨ ᠴᠢᠬᠢᠷᠠᠭ ᠪᠤᠯᠭᠠᠳᠠᠭ᠃ ᠰᠢᠷᠭᠢᠭᠡᠭᠰᠡᠨ ᠰᠦ ᠨᠢ ᠬᠦᠨᠳᠦ ᠴᠢᠨᠠᠷ ᠲᠠᠢ᠂ ᠰᠢᠩᠭᠡᠭᠡᠬᠦ ᠳᠤ ᠪᠡᠷᠬᠡ ᠲᠤᠯᠠ ᠬᠡᠢ | ᠡᠪᠡᠳᠴᠢᠨ ᠢ ᠵᠠᠰᠠᠵᠤ ᠰᠡᠳᠭᠢᠯ ᠢ ᠲᠠᠶᠢᠪᠤᠰᠢᠷᠠᠭᠤᠯᠵᠤ᠂ ᠴᠢᠰᠤᠨ ᠳᠠᠷᠤᠯᠲᠠ ᠦᠨᠳᠦᠷ ᠡᠪᠡᠳᠴᠢᠨ ᠳᠤ ᠲᠤᠰᠠᠲᠠᠢ᠃ | ᠪᠦᠯᠢᠭᠰᠡᠨ ᠬᠦᠴᠢᠲᠠᠢ ︵ᠢᠰᠭᠦᠯᠡᠩ︶ ᠰᠦ ᠪᠤᠯᠤᠨ ᠬᠦᠴᠢᠲᠠᠢ ᠠᠭᠠᠷᠤᠤᠯ ᠨᠢ ᠬᠤᠤᠷ᠎ᠠ ᠪᠦᠬᠦᠨ ᠢ ᠲᠠᠶᠢᠯᠵᠤ᠂ | ᠠᠷᠢᠬᠢᠨ ᠳᠤ ᠰᠤᠭᠲᠤᠭᠰᠠᠨ ᠢ ᠰᠡᠷᠭᠦᠭᠡᠵᠦ᠂ ᠰᠠᠯᠬᠢ ᠲᠠᠯᠡᠰᠴᠦ ᠬᠢᠵᠢᠭ ᠬᠢᠮᠤᠷᠠᠭᠰᠠᠨ᠂ ᠡᠰᠡ ᠰᠢᠩᠭᠡᠭᠰᠡᠨ | ᠵᠡᠷᠭᠡ ᠶᠢ ᠲᠦᠷᠭᠡᠨ ᠵᠠᠰᠠᠳᠠᠭ᠃ | | |