ᠺᠣᠮᠫᠢᠦ᠋ᠲ᠋ᠧᠷ ᠢᠶᠠᠷ ᠠᠵᠢᠯᠯᠠᠭᠰᠠᠳ ᠤᠨ ᠠᠩᠬᠠᠷᠤᠭᠤᠰᠢᠳᠠᠢ ᠵᠥᠢᠯ
ᠨᠡᠶᠢᠲᠡᠯᠡᠭᠰᠡᠨ ᠴᠠᠭ᠄
2020/10/26
   ᠺᠣᠮᠫᠢᠦ᠋ᠲ᠋ᠧᠷ ᠢᠶᠠᠷ ᠠᠵᠢᠯᠯᠠᠭᠰᠠᠳ ᠺᠣᠮᠫᠢᠦ᠋ᠲ᠋ᠧᠷ ᠬᠡᠷᠡᠭᠯᠡᠨ ᠳᠦᠭᠦᠮ ᠳᠦᠳᠡ ᠠᠵᠢᠯᠯᠠᠬᠤ ᠶᠢᠨ ᠲᠠᠭᠠᠤ ︽ᠺᠣᠮᠫᠢᠦ᠋ᠲ᠋ᠧᠷ ᠤᠨ ᠭᠡᠮ︾ ᠳᠤ ᠣᠴᠠᠷᠠᠵᠤ ᠪᠤᠢ᠃ ᠬᠦᠵᠦᠭᠦᠣ ᠳᠠᠯᠣ ᠬᠦᠰᠢᠬᠦ᠂ ᠨᠢᠳᠦ ᠬᠠᠳᠠᠬᠤ᠂ ᠬᠤᠯᠣᠭᠠᠨᠠᠴᠢᠷ ᠤᠨ ᠭᠠᠷ᠂ ᠯᠣᠣᠪᠠᠩ ᠤᠨ ᠬᠦᠯ᠂ ᠁ ᠭᠡᠬᠦ ᠮᠡᠳᠦ ᠶᠢᠨ ᠡᠪᠡᠳᠴᠢᠨ ᠡᠮᠭᠡᠭ ᠠᠯᠪᠠᠳᠠᠳ ᠠᠴᠠ ᠣᠯᠠᠮ ᠣᠢᠢᠷ᠎ᠠ ᠪᠣᠯᠵᠣ᠂ ᠡᠷᠡᠭᠦᠯ ᠴᠢᠬᠢᠷᠠᠭ ᠲᠤᠨᠢ ᠬᠦᠨᠳᠦ ᠨᠣᠴᠢᠳᠠᠢ ᠰᠦᠷᠳᠡᠭᠦᠯᠦᠯ ᠪᠣᠯᠵᠣ ᠪᠣᠢ᠃ ᠡᠶᠢᠮᠥ ᠠᠴᠠ ︽ᠺᠣᠮᠫᠢᠦ᠋ᠲ᠋ᠧᠷ ᠤᠨ ᠬᠡᠮ︾ ᠢ ᠠᠩᠬᠠᠷᠤᠯ ᠳᠠᠭᠠᠨ ᠠᠪᠴᠤ᠂ ᠤᠷᠢᠳᠴᠢᠯᠠᠨ ᠰᠡᠷᠭᠡᠶᠢᠯᠡᠬᠦ ᠶᠢ ᠬᠢᠴᠢᠶᠡᠯᠳᠡᠢ ᠪᠠᠶᠢᠨ᠎ᠠ᠃ 1᠂ ᠬᠠᠷᠠᠭ᠎ᠠ ᠪᠠᠨ ᠬᠠᠮᠠᠭᠠᠯᠠᠬᠤ ᠶᠢ ᠠᠩᠬᠠᠷᠬᠤ    ᠳᠣᠭᠳᠠᠭᠰᠠᠨ ᠴᠠᠭ ᠲᠠᠢ ᠠᠮᠠᠷᠠᠵᠣ ᠠᠮᠣᠰᠬᠢᠵᠣ᠂ ᠸᠢᠲ᠋ᠠᠮᠢᠨ A ᠶᠢᠨ ᠠᠭᠤᠯᠣᠭᠳᠠᠴᠠ ᠲᠠᠢ ᠢᠳᠡᠭᠡᠨ ᠢ ᠨᠦᠬᠦᠪᠦᠷᠢᠯᠡᠬᠦ ᠶᠢ ᠠᠩᠬᠠᠷᠴᠣ᠂ ᠠᠯᠣᠰ ᠢ ᠪᠠᠷᠠᠯᠠᠬᠤ ᠶᠢ ᠠᠩᠬᠠᠷᠣᠨ᠂ ᠨᠢᠳᠦᠨ ᠳᠠᠮᠢᠷ ᠢ ᠦᠷᠬᠦᠯᠵᠢ ᠬᠢᠵᠦ᠂ ᠣᠨᠳᠠᠬᠤ ᠴᠠᠭ ᠭᠦᠢᠴᠡᠳ ᠪᠠᠶᠢᠬᠤ ᠶᠢ ᠪᠠᠳᠣᠯᠠᠬᠤ ᠬᠡᠷᠡᠭᠳᠡᠢ᠃ 2᠂ ᠰᠢᠮ᠎ᠡ ᠳᠡᠵᠢᠭᠡᠯ ᠨᠦᠬᠦᠪᠦᠷᠢᠯᠡᠬᠦ ᠶᠢ ᠠᠩᠬᠠᠷᠬᠤ     ᠺᠣᠮᠫᠢᠦ᠋ᠲ᠋ᠧᠷ ᠤᠨ ᠴᠡᠭᠡᠨ ᠬᠦᠰᠢᠭᠡᠨ ᠤ ᠡᠮᠦᠨ᠎ᠡ ᠠᠵᠢᠯᠯᠠᠬᠤ ᠴᠠᠭ ᠨᠢ ᠬᠡᠳᠦ ᠣᠷᠳᠣ ᠪᠣᠯᠪᠠᠯ᠂ ᠭᠡᠷᠡᠯᠯᠢᠭ ᠪᠦᠷᠬᠦᠪᠴᠢ ᠶᠢᠨ ᠬᠠᠯᠢᠰᠣ ᠶᠢᠨ ᠳᠡᠭᠡᠷᠡᠬᠢ ᠬᠠᠷᠠᠭᠠᠨ ᠤ ᠬᠦᠷᠡᠩ ᠣᠯᠠᠭᠠᠨ ᠡᠳ᠋ ᠨᠢ ᠬᠡᠳᠦ ᠢᠯᠡᠬᠦᠦ ᠬᠤᠷᠣᠭᠳᠠᠬᠤ ᠪᠣᠯᠣᠨ᠎ᠠ᠃ ᠡᠶᠢᠮᠦ ᠠᠴᠠ᠂ ᠺᠣᠮᠫᠢᠦ᠋ᠲ᠋ᠧᠷ ᠲᠡᠭᠡᠷ᠎ᠡ ᠣᠳᠠᠭᠠᠨ ᠠᠵᠢᠯᠯᠠᠭᠰᠠᠳ ᠤᠯᠠᠭᠠᠨ ᠯᠣᠣᠪᠠᠩ᠂ ᠪᠣᠷᠴᠠᠭ ᠤᠨ ᠴᠢᠬᠢ᠂ ᠳ᠋ᠸᠦᠹᠦ᠋᠂ ᠴᠢᠪᠠᠭ᠎ᠠ᠂ ᠵᠦᠷᠵᠢ ᠵᠢᠴᠢ ᠦᠨᠢᠶᠡᠨ ᠰᠦ᠂ ᠦᠨᠳᠡᠭᠡ᠂ ᠠᠮᠢᠳᠠᠨ ᠤ ᠳᠣᠳᠣᠷ ᠴᠣᠯᠣ ᠬᠠᠷ᠎ᠠ ᠮᠢᠬ᠎ᠠ ᠵᠡᠷᠭᠡ ᠢᠳᠡᠭᠡᠨ ᠢ ᠢᠳᠡᠬᠦ ᠶᠢᠨ ᠲᠠᠭᠠᠤ ᠢᠯᠡᠭᠦᠬᠡᠨ ᠰᠢᠭ ᠴᠠᠢ ᠣᠣᠭᠤᠬᠤ ᠬᠡᠷᠡᠭᠳᠡᠢ᠂ ᠴᠠᠢ ᠶᠢᠨ ᠳᠣᠳᠣᠷ᠎ᠠ ᠴᠠᠢ ᠶᠢᠨ ᠣᠯᠠᠨ ᠹᠧᠨᠣᠯ ᠵᠡᠷᠭᠡ ᠡᠯᠧᠮᠧᠨ᠋ᠲ ᠠᠭᠤᠯᠣᠭᠳᠠᠵᠣ᠂ ᠰᠠᠴᠣᠷᠠᠬ ᠴᠢᠨᠠᠷ ᠲᠠᠢ ᠪᠣᠳᠠᠰ ᠢ ᠰᠢᠩᠭᠡᠭᠡᠨ ᠠᠪᠬᠤ ᠪᠠ ᠡᠰᠡᠷᠭᠦᠴᠡᠬᠦ ᠦᠢᠯᠡᠳᠦᠯ ᠲᠠᠢ ᠪᠠᠶᠢᠳᠠᠭ᠃ 3᠂ ᠺᠣᠮᠫᠢᠦ᠋ᠲ᠋ᠧᠷ ᠤᠨ ᠡᠮᠣᠨ᠎ᠠ ᠲᠡᠭᠰᠢᠭᠡᠨ ᠰᠠᠭᠤᠬᠤ    ᠺᠣᠮᠫᠢᠦ᠋ᠲ᠋ᠧᠷ ᠤᠨ ᠡᠮᠣᠨ᠎ᠠ ᠠᠵᠢᠯᠯᠠᠬᠤ ᠦᠶ᠎ᠡ ᠳᠤ ᠪᠠᠨ ᠺᠣᠮᠫᠢᠦ᠋ᠲ᠋ᠧᠷ ᠤᠨ ᠬᠦᠰᠢᠭᠡᠨ ᠤ ᠭᠤᠣᠯ ᠪᠠᠶᠢᠷᠢ ᠨᠢ ᠠᠵᠢᠯᠯᠠᠭᠴᠢ ᠶᠢᠨ ᠴᠡᠭᠡᠵᠢᠨ ᠤ ᠬᠡᠰᠡᠭ ᠲᠠᠢ ᠪᠠᠨ ᠨᠢᠭᠡ ᠣᠳᠠᠰᠣᠨ ᠳᠡᠭᠡᠷ᠎ᠡ ᠲᠠᠭᠠᠷᠠᠵᠣ᠂ ᠨᠢᠳᠦ ᠪᠣᠯᠣᠨ ᠬᠦᠰᠢᠭᠡ ᠶᠢᠨ ᠬᠤᠭᠤᠷᠣᠨᠳᠣᠬᠢ ᠵᠠᠢ ᠶᠢ 40 — 50 cm ᠪᠠᠶᠢᠯᠭᠠᠬᠤ ᠬᠡᠷᠡᠭᠳᠡᠢ᠃ ᠡᠬᠦᠨ ᠤ ᠲᠠᠭᠠᠤ ᠦᠷᠬᠦᠯᠵᠢ ᠨᠢᠳᠦ ᠪᠠᠨ ᠴᠠᠪᠴᠢᠬᠤ ᠪᠣᠶᠣ ᠨᠢᠳᠦ ᠪᠠᠨ ᠠᠨᠢᠨ ᠨᠢᠭᠡ ᠬᠡᠰᠡᠭ ᠠᠮᠠᠷᠠᠵᠣ ᠠᠮᠣᠰᠬᠢᠵᠣ᠂ ᠬᠠᠷᠠᠭ᠎ᠠ ᠪᠠᠨ ᠬᠠᠮᠠᠭᠠᠯᠠᠬᠤ ᠬᠡᠷᠡᠭᠳᠡᠢ᠃ 4᠂ ᠠᠵᠢᠯ ᠤᠨ ᠣᠷᠴᠢᠨ ᠢᠶᠠᠨ ᠠᠩᠬᠠᠷᠬᠤ ᠺᠣᠮᠫᠢᠦ᠋ᠲ᠋ᠧᠷ ᠤᠨ ᠳᠠᠰᠤᠭ ᠢ ᠬᠡᠳᠦ ᠭᠡᠷᠡᠯ ᠲᠠᠢ ᠪᠣᠶᠣ ᠬᠡᠳᠦ ᠪᠦᠷᠦᠩᠬᠢ ᠪᠠᠶᠢᠯᠭᠠᠵᠤ ᠪᠤᠯᠬᠤ ᠦᠬᠡᠢ᠃    ᠳᠣᠭᠳᠠᠭᠰᠠᠨ ᠬᠤᠭᠤᠴᠠᠭ᠎ᠠ ᠲᠠᠢ ᠪᠠᠷ ᠨᠦᠢᠳᠠᠨ ᠪᠦᠰ ᠪᠣᠶᠣ ᠨᠦᠢᠳᠠᠨ ᠵᠦᠯᠭᠦᠬᠦᠷ ᠢᠶᠠᠷ ᠭᠡᠷ ᠳᠣᠳᠣᠷᠠᠬᠢ ᠳᠣᠭᠤᠰᠣ ᠰᠢᠷᠣᠢ ᠪᠣᠯᠣᠨ ᠬᠤᠮᠠᠬᠢ ᠪᠣᠳᠠᠰ ᠢ ᠴᠡᠪᠡᠷᠯᠡᠵᠥ᠂ ᠰᠠᠯᠬᠢ ᠵᠢᠪᠠᠷ ᠤᠨ ᠬᠡᠮᠵᠢᠶ᠎ᠡ ᠶᠢ ᠵᠣᠬᠢᠰ ᠲᠠᠢ ᠳᠣᠬᠢᠷᠠᠭᠤᠯᠵᠣ᠂ ᠰᠢᠨ᠎ᠡ ᠰᠣᠷᠭᠤᠭ ᠠᠭᠠᠷ ᠢ ᠰᠣᠯᠢᠬᠤ ᠬᠡᠷᠡᠭᠳᠡᠢ᠃ 5᠂ ᠠᠮᠠᠷᠠᠵᠣ ᠠᠮᠣᠰᠬᠢᠬᠦ ᠶᠢ ᠣᠶᠠᠯᠳᠣᠭᠤᠯᠬᠤ ᠶᠢ ᠠᠩᠬᠠᠷᠬᠤ     ᠡᠩ ᠤᠨ ᠪᠠᠶᠢᠳᠠᠯ ᠳᠣᠣᠷ᠎ᠠ᠂ ᠺᠣᠮᠫᠢᠦ᠋ᠲ᠋ᠧᠷ ᠢᠶᠠᠷ ᠠᠵᠢᠯᠯᠠᠭᠰᠠᠳ ᠦᠷᠬᠦᠯᠵᠢᠯᠡᠨ 1 ᠴᠠᠭ ᠠᠵᠢᠯᠯᠠᠭᠰᠠᠨ ᠤ ᠳᠠᠷᠠᠭ᠎ᠠ ᠡᠷᠬᠡᠪᠰᠢ 10 ᠮᠢᠨᠦ᠋ᠲ ᠣᠷᠴᠢᠮ ᠠᠮᠠᠷᠠᠵᠣ ᠠᠮᠣᠰᠬᠢᠬᠦ ᠮᠦᠷᠳᠡᠭᠡᠨ ᠠᠯᠪᠠᠨ ᠭᠡᠷ ᠠᠴᠠ ᠪᠠᠨ ᠰᠠᠯᠵᠣ ᠬᠦᠯ ᠭᠠᠷ ᠢᠶᠠᠨ ᠰᠣᠩᠭᠠᠨ ᠦᠶ᠎ᠡ ᠭᠡᠰᠢᠭᠦᠦ ᠪᠠᠨ ᠬᠦᠳᠡᠯᠭᠡᠵᠦ᠂ ᠨᠢᠳᠦᠨ ᠳᠠᠮᠢᠷ ᠬᠢᠬᠦ ᠪᠣᠶᠣ ᠬᠦᠵᠥᠬᠦᠦ ᠳᠣᠯᠣᠭᠠᠢ ᠶᠢᠨ ᠬᠡᠰᠡᠭ ᠢᠶᠠᠨ ᠬᠦᠳᠡᠯᠭᠡᠪᠡᠯ ᠰᠠᠶᠢᠨ ᠪᠠᠶᠢᠳᠠᠭ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号