ᠥᠷᠯᠥᠭᠡ ᠶᠢᠨ ᠪᠡᠶ᠎ᠡ ᠶᠢᠨ ᠪᠠᠶᠢᠳᠠᠯ ᠠᠴᠠ ᠪᠠᠨ ᠮᠡᠳᠡᠵᠦ ᠪᠤᠯᠬᠤ ᠡᠪᠡᠳᠴᠢᠨ ᠨᠦᠭᠦᠳ
ᠨᠡᠶᠢᠲᠡᠯᠡᠭᠰᠡᠨ ᠴᠠᠭ᠄
2020/11/11
   ᠲᠤᠯᠤᠭᠠᠢ ᠬᠠᠪᠤᠳᠬᠤ   ᠥᠷᠯᠦᠭᠡ ᠪᠤᠰᠬᠤ ᠦᠶ᠎ᠡ ᠳᠤ ᠲᠤᠯᠤᠭᠠᠢ ᠬᠠᠪᠤᠳᠴᠦ᠂ ᠨᠢᠭᠤᠷ ᠴᠢᠷᠠᠢ ᠬᠥᠭᠡᠭᠡᠵᠦ᠂ ᠨᠢᠳᠥ ᠰᠡᠯᠭᠦᠷᠡᠨ ᠪᠡᠶ᠎ᠡ ᠳᠤ ᠬᠡᠢ ᠬᠠᠪᠤᠩ ᠲᠠᠢ ᠪᠠᠶᠢᠪᠠᠯ ᠲᠠᠷᠤᠢ ᠳᠣᠲᠤᠷ᠎ᠠ ᠪᠥᠭᠡᠷ᠎ᠡ ᠶᠢᠨ ᠡᠪᠡᠳᠴᠢᠨ ᠪᠤᠶᠤ ᠵᠢᠷᠦᠭᠡᠨ ᠡᠪᠡᠳᠴᠢᠨ ᠤ ᠢᠯᠡᠷᠡᠯ ᠮᠥᠨ᠃ ᠴᠢᠰᠤ ᠲᠤᠳᠠᠬᠳᠠᠬᠤ ᠡᠪᠡᠳᠴᠢᠨ ᠲᠠᠢ ᠬᠥᠮᠥᠨ ᠳᠤ ᠪᠠᠰᠠ ᠡᠶᠢᠮᠥ ᠪᠠᠶᠢᠳᠠᠯ ᠢᠯᠡᠷᠡᠳᠡᠭ᠃ ᠭᠡᠪᠡᠴᠦ ᠬᠦᠭᠡᠭᠡᠵᠦ ᠬᠠᠪᠤᠳᠬᠤ ᠪᠠᠶᠢᠳᠠᠯ ᠨᠢ ᠬᠥᠡᠭᠭᠡᠪᠳᠥᠷ ᠪᠠᠶᠢᠳᠠᠬ᠃    ᠦᠶ᠎ᠡ ᠭᠡᠰᠢᠬᠦᠤ ᠬᠥᠰᠢᠬᠦ    ᠥᠷᠯᠥᠭᠡ ᠪᠤᠰᠬᠤ ᠥᠶ᠎ᠡ ᠳᠤ ᠨᠠᠰᠤᠳᠠᠢ ᠬᠥᠮᠥᠰ ᠤᠨ ᠦᠶ᠎ᠡ ᠭᠡᠰᠢᠬᠦᠤ ᠪᠠᠭ᠎ᠠ ᠰᠠᠭ᠎ᠠ ᠬᠦᠰᠢᠵᠦ ᠡᠪᠡᠳᠬᠦ ᠪᠠᠶᠢᠳᠠᠯ ᠢᠯᠡᠷᠡᠬᠦ ᠪᠤᠯ ᠡᠩ ᠤᠨ ᠦᠵᠡᠭᠳᠠᠯ᠃ ᠭᠡᠷᠪᠡ ᠪᠥᠬᠦ ᠪᠡᠶ᠎ᠡ ᠶᠢᠨ ᠦᠶ᠎ᠡ ᠭᠡᠰᠢᠬᠦᠤ ᠰᠥᠷᠡᠭᠡᠢ ᠬᠦᠰᠢᠵᠦ᠂ ᠪᠤᠯᠴᠢᠩ ᠭᠡᠴᠡᠬᠦᠤ ᠡᠪᠡᠳᠬᠦ ᠪᠠᠶᠢᠳᠠᠯ ᠲᠠᠢ ᠪᠤᠯ ᠲᠠᠷᠤᠢ ᠬᠤᠶᠠᠩ ᠡᠪᠡᠳᠴᠢᠨ᠂ ᠮᠥᠭᠡᠷᠰᠤ ᠤᠷᠭᠤᠬᠤ ᠮᠡᠳᠥ ᠶᠢᠨ ᠡᠪᠡᠳᠴᠢᠨ ᠲᠠᠢ ᠪᠤᠯᠵᠦ ᠪᠠᠶᠢᠭ᠎ᠠ ᠶᠢᠨ ᠢᠯᠡᠷᠡᠯ ᠮᠥᠨ᠃ ᠬᠠᠷᠰᠢᠮᠠᠳᠠᠭᠠᠢ ᠴᠢᠨᠠᠷᠲᠠᠢ ᠡᠪᠡᠳᠴᠢᠨ ᠬᠡᠮ ᠲᠠᠢ ᠪᠤᠯᠤᠬᠰᠠᠠ ᠦᠶ᠎ᠡ ᠳᠤ ᠴᠦ ᠡᠶᠢᠮᠦ ᠪᠠᠶᠢᠳᠠᠯ ᠢᠯᠡᠷᠡᠨ᠎ᠠ᠃ ᠵᠢᠷᠥᠬᠡ ᠪᠠᠴᠢᠮᠳᠠᠵᠦ ᠥᠯᠥᠰᠬᠦ ᠥᠷᠯᠥᠭᠡ ᠲᠥᠷᠪᠡ ᠲᠠᠪᠤᠨ ᠴᠠᠬ ᠤᠨ ᠦᠶ᠎ᠡ ᠪᠠᠷ ᠰᠡᠷᠡᠬᠦ ᠳᠤ ᠲᠤᠳᠥᠷ ᠲᠡᠰᠪᠤᠷᠢᠯᠡᠬᠦᠶ᠎ᠡ ᠪᠡᠷᠭᠡ ᠥᠯᠥᠰᠴᠦ᠂ ᠵᠢᠷᠥᠬᠡ ᠪᠠᠴᠢᠮᠳᠠᠨ ᠪᠡᠶ᠎ᠡ ᠶᠡᠭᠡᠯ᠎ᠡ ᠶᠠᠳᠠᠷᠠᠭᠰᠠᠨ ᠪᠠᠶᠢᠳᠠᠯ ᠲᠠᠢ ᠪᠠᠶᠢᠵᠦ᠂ ᠵᠢᠭᠠᠬᠠᠨ ᠶᠠᠭᠤᠮ᠎ᠠ ᠢᠳᠡᠪᠡᠯ ᠪᠡᠶ᠎ᠡ ᠪᠠᠰᠠ ᠭᠠᠶᠢᠭᠤᠢ ᠪᠤᠯᠴᠢᠬᠠᠨ᠎ᠠ᠃ ᠭᠡᠪᠡᠴᠦ ᠮᠥᠨ ᠯᠡ ᠭᠡᠯᠡ ᠠᠮᠠ ᠬᠠᠳᠠᠵᠦ ᠤᠮᠳᠠᠭᠠᠰᠬᠤ ᠪᠠᠶᠢᠳᠠᠯ ᠢᠯᠡᠷᠡᠵᠦ᠂ ᠥᠷᠯᠥᠭᠡ ᠶᠢᠨ ᠬᠤᠭᠤᠯᠠ ᠢᠳᠡᠭᠰᠡᠡ ᠤ ᠲᠠᠷᠠᠭ᠎ᠠ ᠪᠠᠷ ᠰᠠᠶ᠋ᠢ ᠭᠡᠪ ᠤᠨ ᠪᠠᠶᠢᠳᠠᠯ ᠳᠠᠭᠠᠨ ᠤᠷᠤᠳᠠᠬ᠃ ᠡᠨᠡ ᠪᠤᠯ ᠲᠠᠷᠤᠢ ᠰᠢᠬᠢᠷ ᠰᠢᠵᠢᠩ ᠡᠪᠡᠳᠴᠢᠨ ᠲᠠᠢ ᠪᠤᠯᠵᠦ ᠪᠠᠶᠢᠭ᠎ᠠ ᠶᠢᠨ ᠢᠯᠡᠷᠡᠯ ᠮᠥᠨ  ᠃    ᠲᠤᠯᠤᠭᠠᠢ ᠬᠦᠨᠳᠥᠷᠡᠵᠦ ᠲᠤᠯᠤᠭᠠᠢ ᠡᠷᠬᠢᠬᠦ    ᠡᠩ ᠤᠨ ᠪᠠᠶᠢᠳᠠᠯ ᠲᠤᠤᠷ᠎ᠡ ᠥᠷᠯᠥᠭᠡ ᠰᠡᠷᠡᠬᠦ ᠥᠶ᠎ᠡ ᠳᠤ ᠲᠠᠷᠢᠬᠢ ᠲᠤᠯᠤᠭᠠᠢ ᠰᠡᠷᠭᠡᠭ᠂ ᠪᠡᠶ᠎ᠡ ᠬᠦᠡᠭᠭᠡᠨ ᠪᠠᠶᠢᠳᠠᠬ᠃ ᠭᠡᠳᠡᠯ᠎ᠡ ᠥᠷᠯᠥᠭᠡ ᠰᠡᠷᠡᠬᠦ ᠦᠶ᠎ᠡ ᠳᠤ ᠲᠤᠯᠤᠭᠠᠢ ᠬᠦᠨᠳᠦᠷᠡᠵᠦ ᠲᠤᠯᠤᠭᠠᠢ ᠡᠷᠬᠢᠬᠦ ᠪᠠᠶᠢᠳᠠᠯ ᠲᠠᠢ ᠪᠠᠶᠢᠭ᠎ᠠ ᠪᠤᠯ ᠬᠦᠵᠦᠬᠦᠨ ᠶᠠᠰᠤᠨ ᠳᠤ ᠮᠥᠭᠡᠷᠰᠤ ᠤᠷᠭᠤᠬᠤ ᠡᠪᠡᠳᠴᠢᠨ ᠤᠯᠵᠦ ᠪᠠᠶᠢᠭ᠎ᠠ ᠪᠤᠶᠤ ᠴᠢᠰᠤᠨ ᠤ ᠨᠠᠯᠳᠠᠭ᠎ᠠ ᠥᠨᠳᠦᠷᠵᠢᠭᠰᠡᠡ ᠤ ᠰᠢᠯᠳᠠᠭᠠᠨ ᠪᠠᠶᠢᠵᠦ ᠮᠡᠳᠠᠬᠦ ᠶᠤᠮ᠃ ᠢᠡᠭᠬᠢᠭᠰᠡᠡ ᠠᠴᠠ ᠲᠠᠷᠢᠬᠢᠨ ᠤ ᠴᠢᠰᠤᠨ ᠬᠠᠨᠭ᠍ᠭᠠᠯᠭ᠎ᠠ  ᠲᠤᠳᠠᠬᠳᠠᠬᠰᠠᠠ ᠠᠴᠠ ᠲᠤᠯᠤᠭᠠᠢ ᠬᠦᠨᠳᠦᠷᠡᠵᠦ ᠲᠤᠯᠤᠭᠠᠢ ᠡᠷᠬᠢᠬᠦ ᠢᠯᠡᠷᠡᠯ ᠡᠬᠦᠰᠴᠦ ᠪᠠᠶᠢᠵᠦ ᠮᠡᠳᠡᠨ᠎ᠠ᠃    ᠥᠷᠯᠥᠭᠡ ᠰᠡᠷᠡᠪᠡᠯ ᠨᠦᠢᠷ ᠬᠤᠯᠵᠢᠬᠤ   ᠥᠷᠯᠥᠭᠡ ᠡᠷᠳᠠ ᠭᠤᠷᠪᠠ ᠲᠥᠷᠪᠡᠨ ᠴᠠᠬ ᠤᠨ ᠦᠶ᠎ᠡ ᠪᠠᠷ ᠰᠡᠷᠡᠪᠡᠯ ᠲᠠᠬᠢᠨ ᠤᠨᠳᠠᠵᠦ ᠲᠡᠶᠢᠯᠬᠦ ᠦᠭᠡᠢ ᠦᠵᠡᠭᠳᠠᠯ ᠢ ᠡᠮᠴᠢᠯᠡᠭᠡ ᠶᠢᠨ ᠤᠬᠠᠭᠠᠨ ᠳᠤ ᠡᠷᠳᠠ ᠶᠢᠨ ᠨᠦᠢᠷ ᠬᠤᠯᠵᠢᠬᠤ ᠭᠡᠵᠦ ᠬᠡᠯᠡᠳᠡᠭ᠃ ᠡᠨᠡᠬᠦ ᠦᠵᠡᠭᠳᠡᠯ ᠨᠢ ᠭᠤᠤᠯᠳᠠᠭᠤ ᠰᠡᠳᠬᠢᠯ ᠰᠠᠨᠠᠭ᠎ᠠ ᠵᠤᠪᠠᠵᠦ ᠪᠤᠬᠢᠨᠢᠳᠤᠬᠰᠠᠠ ᠪᠤᠶᠤ ᠤᠶᠤᠨ ᠰᠠᠨᠠᠭᠠᠨ ᠤ ᠲᠠᠯ᠎ᠠ ᠶᠢᠨ ᠰᠠᠭᠠᠳ ᠠᠴᠠ ᠪᠤᠯᠵᠦ ᠪᠠᠶᠢᠭ᠎ᠠ ᠶᠤᠮ᠃ ᠮᠡᠳᠡᠷᠡᠯ ᠮᠠᠭᠤᠳᠠᠬᠤ ᠡᠪᠡᠳᠴᠢᠨ ᠲᠠᠢ ᠬᠦᠮᠥᠨ ᠳᠤ ᠴᠦ ᠪᠠᠰᠠ ᠡᠶᠢᠮᠦ ᠦᠵᠡᠭᠳᠡᠯ ᠢᠯᠡᠷᠡᠳᠡᠭ᠃ ᠡᠬᠡ ᠪᠢᠴᠢᠭ ᠤᠨ ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号