ᠡᠪᠡᠳᠴᠢᠨ ᠤ ᠪᠠᠶᠢᠳᠠᠯ ᠳᠠᠭᠠᠨ ᠲᠤᠬᠢᠷᠠᠭᠤᠯᠵᠤ ᠵᠢᠮᠢᠰ ᠢ ᠰᠤᠩᠭᠤᠵᠤ ᠢᠳᠡᠬᠦ
ᠨᠡᠶᠢᠲᠡᠯᠡᠭᠰᠡᠨ ᠴᠠᠭ᠄
2020/11/25
  ᠡᠯ᠎ᠠ ᠵᠦᠢᠯ ᠤᠨ ᠵᠢᠮᠢᠰ ᠨᠢ ᠠᠳᠠᠯᠢ ᠪᠤᠰᠤ ᠶᠢᠨ ᠡᠮᠴᠢᠯᠡᠬᠡᠨ ᠪᠡ ᠡᠷᠡᠬᠦᠯ ᠢ ᠬᠠᠮᠠᠭᠠᠯᠠᠬᠤ ᠦᠢᠯᠡᠳᠦᠯ ᠲᠠᠢ ᠪᠠᠶᠢᠳᠠᠭ᠃ ᠡᠪᠡᠳᠴᠢᠳᠡᠨ ᠡᠷᠭᠡᠪᠰᠢ ᠡᠪᠡᠳᠴᠢᠨ ᠳᠡᠭᠡᠨ ᠲᠤᠬᠢᠷᠠᠭᠤᠯᠤᠨ ᠵᠢᠮᠢᠰ ᠢ ᠰᠤᠩᠭᠤᠵᠤ ᠢᠳᠡᠬᠦ ᠬᠡᠷᠡᠭᠳᠡᠢ᠃   ᠬᠡᠷᠪᠡ ᠲᠤᠬᠢᠷᠠᠬᠤ ᠦᠬᠡᠢ ᠪᠤᠯ ᠠᠰᠢᠬ ᠦᠬᠡᠢ ᠪᠦᠭᠡᠳ ᠬᠡᠳᠡᠷᠬᠦ ᠪᠠᠨ ᠬᠤᠤᠷ ᠪᠤᠯᠵᠤ ᠮᠡᠳᠡᠨ᠎ᠠ᠃ ᠬᠠᠯᠠᠭᠤᠷᠠᠵᠤ ᠪᠠᠶᠢᠭ᠎ᠠ ᠡᠪᠡᠳᠴᠢᠳᠡᠨ ᠤᠮᠳᠠ ᠲᠠᠶᠢᠯᠤᠨ ᠤᠮᠳᠠᠭᠠᠰᠬᠤ ᠶᠢ ᠲᠠᠷᠤᠬᠤ᠂ ᠬᠠᠯᠠᠭᠤᠨ ᠢ ᠬᠦᠬᠡᠬᠡᠵᠤ ᠬᠤᠤᠷ ᠢ ᠦᠯᠳᠡᠬᠦ ᠴᠢᠳᠠᠯ ᠲᠠᠢ ᠠᠯᠢᠮ᠎ᠠ᠂ ᠵᠦᠷᠵᠢ ᠵᠡᠷᠭᠡ ᠵᠢᠮᠢᠰ ᠢ ᠢᠳᠡᠵᠤ ᠪᠤᠯᠤᠨ᠎ᠠ᠃ ᠤᠴᠢᠷ ᠨᠢ ᠬᠠᠯᠠᠭᠤᠷᠠᠬᠤ ᠡᠪᠡᠳᠴᠢᠳᠡᠨ ᠬᠦᠯᠦᠰᠦ ᠠᠷᠪᠢᠨ ᠭᠠᠷᠳᠠᠬ᠃ ᠬᠠᠷᠢᠨ ᠠᠯᠢᠮ᠎ᠠ ᠪᠤᠯᠤᠨ ᠵᠦᠷᠵᠢ ᠳᠤ ᠤᠰᠤᠨ ᠤ ᠬᠡᠮᠵᠢᠶ᠎ᠠ ᠪᠤᠯᠤᠨ ᠺᠠᠯᠢ ᠠᠭᠤᠯᠵᠤ ᠪᠠᠶᠢᠳᠠᠭ ᠢᠶᠠᠷ ᠬᠠᠯᠠᠭᠤᠷᠠᠵᠤ ᠪᠠᠶᠢᠭ᠎ᠠ ᠡᠪᠡᠳᠴᠢᠳᠡᠨ ᠳᠤ ᠨᠡᠩ ᠲᠤᠰᠠᠳᠠᠢ ᠪᠠᠶᠢᠳᠠᠭ᠃   ᠦᠳᠬᠡᠨ ᠮᠦᠷ ᠬᠠᠭᠠᠬᠳᠠᠬᠤ᠂ ᠱᠠᠮᠪᠠᠷᠠᠮ ᠲᠠᠢ ᠡᠪᠡᠳᠴᠢᠳᠡᠨ ᠪᠠᠨᠠᠨᠠ᠂ ᠠᠯᠢᠮ᠎ᠠ᠂ ᠲᠤᠭᠤᠷ᠂ ᠵᠦᠷᠵᠢ ᠢᠳᠡᠵᠤ ᠦᠳᠬᠡᠨ ᠮᠦᠷ ᠢ ᠰᠢᠯᠤᠭᠤᠳᠬᠠᠵᠤ ᠪᠤᠯᠳᠠᠭ᠃ ᠬᠠᠷᠢᠨ ᠱᠠᠪᠳᠠᠯ᠎ᠠ᠂ ᠲᠤᠯᠤᠨᠤ᠂ ᠠᠯᠮᠤᠷᠠᠳ ᠵᠡᠷᠭᠡ ᠶᠢ ᠢᠳᠡᠪᠡᠯ ᠵᠤᠬᠢᠬᠤ ᠦᠬᠡᠢ᠃ ᠤᠴᠢᠷ ᠨᠢ ᠡᠳᠡᠭᠡᠷ ᠵᠢᠮᠢᠰ ᠲᠤ ᠲᠠᠨᠨᠢᠨ ᠬᠦᠴᠢᠯ ᠨᠡᠯᠢᠶᠡᠳ ᠠᠷᠪᠢᠨ ᠠᠭᠤᠯᠵᠤ ᠪᠠᠶᠢᠳᠠᠭ ᠪᠤᠯᠬᠤᠷ ᠢᠳᠡᠪᠡᠯ ᠨᠡᠩ ᠬᠢᠯᠪᠠᠷᠬᠠᠨ ᠢᠶᠠᠷ ᠦᠳᠬᠡᠨ ᠮᠦᠷ ᠬᠠᠭᠠᠬᠳᠠᠬᠤ ᠪᠤᠯᠤᠨ᠎ᠠ᠃   ᠰᠢᠷᠬᠠᠯᠠᠭ᠎ᠠ᠂ ᠬᠤᠳᠤᠭᠤᠳᠤᠨ ᠬᠦᠴᠢᠯ ᠲᠡᠩᠳᠡᠬᠦᠦ ᠠᠷᠪᠢᠨ ᠡᠪᠡᠳᠴᠢᠳᠡᠨ ᠳᠤ ᠬᠦᠴᠢᠯᠯᠢᠭ ᠠᠯᠢᠮ᠎ᠠ᠂ ᠨᠢᠮᠪᠡᠭᠡ ᠂ ᠬᠦᠵᠡᠯᠵᠡᠬᠡᠨ᠎ᠠ᠂ ᠬᠦᠬᠡ ᠬᠦᠢᠯᠡᠰᠦ᠂ ᠲᠠᠤᠯᠠᠢ ᠶᠢᠨ ᠪᠦᠬᠡᠷ᠎ᠠ ᠵᠡᠷᠭᠡ ᠬᠦᠴᠢᠯ ᠠᠷᠪᠢᠨ ᠠᠭᠤᠯᠤᠬᠰᠠᠨ ᠢᠳᠡᠬᠡᠨ ᠲᠤᠬᠢᠷᠠᠬᠤ ᠦᠬᠡᠢ᠃ ᠤᠴᠢᠷ ᠨᠢ ᠡᠳᠡᠬᠡᠷ ᠵᠢᠮᠢᠰ ᠨᠢ ᠰᠢᠷᠬᠠᠯᠠᠭ᠎ᠠ ᠶᠢᠨ ᠠᠨᠠᠬᠤ ᠳᠤ ᠲᠤᠰᠠ ᠦᠬᠡᠢ ᠪᠦᠬᠡᠳ ᠬᠤᠳᠤᠭᠤᠳᠤᠨ ᠬᠦᠴᠢᠯ ᠲᠡᠩᠳᠡᠬᠦᠦ ᠨᠡᠮᠡᠭᠳᠡᠬᠦ ᠠᠴᠠ ᠪᠤᠯᠵᠤ ᠡᠪᠡᠳᠴᠢᠨ ᠤ ᠪᠠᠶᠢᠳᠠᠯ ᠢ ᠬᠦᠨᠳᠦᠷᠡᠬᠦᠯᠵᠤ ᠮᠡᠳᠡᠨ᠎ᠠ᠃   ᠢᠳᠡᠬᠡᠨ ᠬᠤᠷᠠᠬᠰᠠᠨ᠂ ᠠᠬᠰᠠᠭ᠎ᠠ ᠡᠪᠡᠳᠴᠢᠳᠡᠨ ᠴᠢᠪᠠᠭ᠎ᠠ ᠵᠡᠷᠭᠡ ᠰᠢᠯᠦᠰᠦ ᠬᠤᠷᠠᠭᠤᠯᠵᠤ᠂ ᠬᠠᠯᠠᠭᠤᠨ ᠢ ᠨᠡᠮᠡᠭᠳᠡᠬᠦᠯᠬᠦ᠂ ᠢᠳᠡᠬᠡᠨ ᠬᠤᠷᠠᠬᠤ ᠵᠢᠮᠢᠰ ᠢ ᠢᠳᠡᠬᠡᠳ ᠵᠤᠬᠢᠬᠤ ᠦᠬᠡᠢ᠃ ᠴᠢᠰᠦ ᠲᠤᠳᠠᠭᠳᠠᠬᠤ ᠡᠪᠡᠳᠴᠢᠳᠡᠨ ᠳᠤ ᠪᠠᠷᠰᠡᠳᠤ ᠵᠦᠷᠵᠢ᠂ ᠱᠠᠪᠳᠠᠯ᠎ᠠ ᠵᠡᠷᠬᠡ ᠵᠢᠮᠢᠰ ᠵᠤᠬᠢᠬᠤ ᠦᠬᠡᠢ᠃ ᠤᠴᠢᠷ ᠨᠢ ᠡᠳᠡᠬᠡᠷ ᠵᠢᠮᠢᠰ ᠲᠤ ᠨᠠᠯᠢᠶᠠᠳ ᠠᠷᠪᠢᠨ ᠲᠠᠨᠨᠢᠨ ᠬᠦᠴᠢᠯ ᠠᠭᠤᠯᠵᠤ ᠪᠠᠶᠢᠳᠠᠭ ᠢᠶᠠᠷ ᠮᠠᠰᠢ ᠬᠢᠯᠪᠠᠷᠬᠠᠨ ᠢᠶᠠᠷ ᠲᠡᠮᠦᠷ ᠤᠨ ᠪᠤᠳᠠᠰ ᠲᠠᠢ ᠤᠶᠠᠯᠳᠤᠨ ᠪᠡᠶ᠎ᠠ ᠮᠠᠬᠠᠪᠤᠳ ᠤᠨ ᠪᠤᠰᠤᠳ ᠵᠦᠢᠯ ᠤᠨ ᠢᠳᠡᠬᠡᠨ ᠤ ᠲᠤᠮᠳᠠᠬᠢ ᠲᠡᠮᠦᠷ ᠤᠨ ᠪᠤᠳᠠᠰ ᠢ ᠰᠢᠩᠭᠡᠬᠡᠵᠤ ᠠᠪᠬᠤ ᠶᠢ ᠬᠤᠷᠢᠬᠯᠠᠬᠤ ᠪᠠᠷ ᠦᠯᠦ ᠪᠠᠷᠠᠮ ᠬᠢᠯᠪᠠᠷᠬᠠᠨ ᠢᠶᠠᠷ ᠦᠳᠬᠡᠨ ᠮᠦᠷ ᠬᠠᠭᠠᠬᠳᠠᠬᠤ ᠪᠤᠯᠤᠨ᠎ᠠ᠃   ᠰᠢᠬᠢᠷ ᠰᠢᠵᠢᠩ ᠡᠪᠡᠳᠴᠢᠳᠡᠨ ᠵᠢᠮᠢᠰ ᠤᠨ ᠴᠠᠪᠠᠤ ᠡᠯᠪᠡᠭ ᠠᠭᠤᠯᠵᠤ᠂ ᠨᠦᠢᠷ ᠤᠨ ᠠᠷᠠᠯ ᠤᠨ ᠡᠳ᠋ ᠢ ᠢᠯᠭᠠᠷᠠᠭᠤᠯᠬᠤ ᠬᠡᠮᠵᠢᠶ᠎ᠠ ᠶᠢ ᠬᠤᠪᠢᠷᠠᠭᠤᠯᠬᠤ᠂ ᠴᠢᠰᠦᠨ ᠤ ᠰᠢᠬᠢᠷ ᠢ ᠲᠤᠷᠤᠭᠰᠢᠯᠠᠭᠤᠯᠬᠤ ᠦᠢᠯᠡᠳᠦᠯ ᠲᠠᠢ ᠴᠠᠯᠤ ᠵᠢᠮᠢᠰ᠂ ᠬᠦᠵᠡᠯᠵᠡᠬᠡᠨ᠎ᠠ᠂ ᠢᠡᠭᠲ᠋ᠤᠤᠷ ᠵᠢᠮᠢᠰ ᠵᠡᠷᠭᠡ ᠶᠢ ᠢᠳᠡᠪᠠᠯ ᠵᠤᠬᠢᠨ᠎ᠠ᠃ ᠬᠠᠷᠢᠨ ᠰᠢᠬᠢᠷ ᠤᠨ ᠠᠭᠤᠯᠬᠤᠨ ᠢᠶᠠᠷ ᠨᠡᠯᠢᠶᠡᠳ ᠦᠨᠳᠤᠷ ᠴᠢᠪᠠᠭ᠎ᠠ᠂ ᠦᠵᠦᠮ᠂ ᠪᠠᠨᠠᠨᠠ᠂ ᠠᠯᠮᠤᠷᠠᠳ᠂ ᠠᠯᠢᠮ᠎ᠠ᠂ ᠢᠨᠵᠢᠷ ᠵᠢᠮᠢᠰ᠂ ᠪᠡᠷᠴᠢᠬᠢᠷ ᠯᠤᠤ ᠶᠢᠨ ᠨᠢᠳᠤ᠂ ᠨᠢᠮᠪᠡᠭᠡ ᠵᠡᠷᠭᠡ ᠶᠢ ᠢᠳᠡᠵᠤ ᠪᠤᠯᠬᠤ ᠦᠬᠡᠢ᠃ ᠤᠴᠢᠷ ᠨᠢ ᠡᠳᠡᠭᠡᠷ ᠵᠢᠮᠢᠰ ᠢ ᠢᠳᠡᠪᠡᠯ ᠴᠢᠰᠦᠨ ᠤ ᠰᠢᠬᠢᠷ ᠦᠨᠳᠤᠷᠵᠢᠬᠦ ᠠᠴᠠ ᠪᠤᠯᠵᠤ᠂ ᠨᠦᠢᠷ ᠤᠨ ᠪᠤᠯᠴᠢᠷᠬᠠᠢ ᠶᠢᠨ ᠲᠠᠷᠤᠭᠠᠰᠤ ᠶᠢ ᠬᠦᠨᠳᠤᠷᠠᠬᠦᠯᠵᠤ᠂ ᠡᠪᠡᠳᠴᠢᠨ ᠡᠳᠡᠭᠡᠷᠡᠬᠦ ᠳᠤ ᠠᠰᠢᠬ ᠦᠬᠡᠢ ᠪᠠᠶᠢᠳᠠᠭ᠃   ᠡᠯᠢᠬᠡᠨ ᠦᠷᠪᠢᠰᠦᠯ ᠲᠠᠢ ᠡᠪᠡᠳᠴᠢᠳᠡᠨ ᠪᠠᠨᠠᠨᠠ᠂ ᠠᠯᠢᠮ᠎ᠠ᠂ ᠴᠢᠪᠠᠭ᠎ᠠ᠂ ᠵᠦᠷᠵᠢ᠂ ᠠᠯᠮᠤᠷᠠᠳ᠂ ᠲᠠᠷᠪᠤᠰ ᠵᠡᠷᠭᠡ ᠸᠢᠲ᠋ᠠᠮᠢᠨ C ᠠᠭᠤᠯᠤᠬᠰᠠᠨ ᠵᠢᠮᠢᠰ ᠢᠳᠡᠪᠡᠯ ᠡᠯᠢᠬᠡ ᠶᠢ ᠬᠠᠮᠠᠭᠠᠯᠠᠵᠤ᠂ ᠡᠯᠢᠬᠡᠨ ᠤ ᠡᠰ ᠲᠠᠬᠢᠨ ᠦᠷᠡᠵᠢᠬᠦ ᠶᠢ ᠠᠬᠢᠭᠤᠯᠬᠤ ᠦᠢᠯᠡᠳᠦᠯ ᠲᠠᠢ ᠶᠤᠮ᠃ ᠲᠦᠷᠬᠡᠨ ᠴᠢᠨᠠᠷᠳᠠᠢ ᠲᠤᠳᠤᠷ ᠪᠦᠬᠡᠷ᠎ᠠ ᠶᠢᠨ ᠦᠷᠪᠢᠰᠦᠯ ᠲᠠᠢ ᠡᠪᠡᠳᠴᠢᠳᠡᠨ ᠬᠡᠷᠪᠡ ᠲᠤᠳᠤᠷ ᠪᠦᠬᠡᠷ᠎ᠠ ᠶᠢᠨ ᠴᠢᠳᠠᠪᠤᠷᠢ ᠰᠠᠶᠢᠨ ᠪᠢᠰᠢ ᠡᠰᠡᠬᠦᠯ᠎ᠠ ᠬᠠᠪᠤᠩᠨᠠᠬᠤ ᠪᠠᠶᠢᠳᠠᠯ ᠢᠯᠡᠷᠡᠵᠤ᠂ ᠲᠠᠪᠤᠰᠤ ᠴᠡᠬᠡᠷᠯᠡᠵᠤ ᠪᠠᠶᠢᠪᠠᠯ ᠪᠠᠨᠠᠨᠠ ᠢᠳᠡᠵᠤ ᠪᠤᠯᠬᠤ ᠦᠬᠡᠢ᠃ ᠤᠴᠢᠷ ᠨᠢ ᠪᠠᠨᠠᠨᠠ ᠳᠤ ᠨᠡᠯᠢᠶᠡᠳ ᠠᠷᠪᠢᠨ ᠨᠠᠳ᠋ᠷᠢ ᠲᠠᠪᠤᠰᠤ ᠠᠭᠤᠯᠤᠬᠳᠠᠵᠤ᠂ ᠬᠠᠪᠤᠩᠨᠠᠬᠤ ᠶᠢ ᠬᠦᠨᠳᠦᠷᠡᠬᠦᠯᠬᠦ ᠪᠦᠬᠡᠳ ᠵᠢᠷᠦᠬᠡ ᠪᠤᠯᠤᠨ ᠲᠤᠳᠤᠷ ᠪᠦᠬᠡᠷ᠎ᠠ ᠶᠢᠨ ᠲᠠᠷᠤᠭᠠᠰᠤ ᠶᠢ ᠬᠦᠨᠳᠤᠷᠡᠬᠦᠯᠳᠡᠭ᠃ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号