ᠤᠮᠠᠷᠠᠳᠤ ᠬᠠᠭᠠᠰ ᠪᠦᠮᠪᠦᠷᠴᠡᠭ ᠡᠪᠤᠯ ᠤᠨ ᠤᠯᠠᠷᠢᠯ ᠳᠤ ᠤᠷᠤᠵᠤ᠂ ᠠᠭᠠᠷ ᠤᠨ ᠲᠤᠯᠠᠭᠠᠨ ᠲᠠᠰᠤᠷᠠᠯᠳᠠ ᠦᠬᠡᠢ | ᠪᠠᠭᠤᠷᠠᠬᠤ ᠶᠢ ᠲᠠᠭᠠᠯᠳᠤᠨ᠂ ᠰᠤᠳᠤᠯᠤᠬᠴᠢᠳ ᠠᠴᠠ ᠰᠢᠨ᠎ᠠ ᠲᠢᠳᠢᠮᠯᠢᠭ ᠸᠢᠷᠦ᠋ᠰ ᠤᠨ ᠬᠠᠯᠳᠠᠪᠤᠷᠢᠯᠠᠯ ᠴᠢᠨᠠᠬᠰᠢᠳᠠ | ᠰᠢᠷᠤᠬᠦᠰᠴᠤ ᠮᠡᠳᠡᠬᠦ ᠪᠤᠯᠤᠯᠴᠠᠭ᠎ᠠ ᠲᠠᠢ᠂ ᠡᠨᠡ ᠨᠢ ᠡᠪᠡᠳᠴᠢᠨ ᠤ ᠸᠢᠷᠦ᠋ᠰ ᠤᠨ ᠲᠤᠰ ᠪᠠᠶ᠎ᠠ ᠶᠢᠨ ᠤᠨᠴᠠᠯᠢᠬ᠂ | ᠬᠦᠮᠤᠰ ᠤᠨ ᠨᠡᠶᠢᠬᠡᠮ ᠤᠨ ᠶᠠᠪᠤᠯᠴᠠᠭ᠎ᠠ ᠶᠢᠨ ᠤᠨᠴᠠᠯᠢᠬ ᠵᠡᠷᠬᠡ ᠤᠯᠠᠨ ᠡᠯᠧᠮᠧᠨ᠋ᠲ ᠲᠠᠢ ᠬᠤᠯᠪᠤᠬᠳᠠᠯ ᠲᠠᠢ ᠬᠡᠵᠤ | ᠰᠠᠨᠠᠭᠤᠯᠪᠠ᠃ | ᠮᠠᠰᠢ ᠤᠯᠠᠨ ᠠᠮᠢᠰᠬᠤᠯ ᠤᠨ ᠵᠠᠮ ᠤᠨ ᠡᠪᠡᠳᠴᠢᠨ ᠤ ᠸᠢᠷᠦ᠋ᠰ ᠡᠪᠤᠯ ᠲᠡᠯᠬᠡᠷᠡᠵᠤ ᠵᠤᠨ ᠠᠷᠢᠯᠬᠤ ᠪᠠᠶᠢᠳᠠᠯ ᠲᠠᠢ | ᠪᠠᠶᠢᠳᠠᠬ᠃ ᠠᠩᠭ᠍ᠯᠢ ᠶᠢᠨ ︽ᠪᠠᠶᠢᠭᠠᠯᠢ︾ ᠰᠡᠳᠬᠦᠯ ᠤᠨ ᠰᠦᠯᠵᠢᠶᠠᠨ ᠤ ᠦᠷᠳᠡᠭᠡ ᠤᠢᠢᠷ᠎ᠠ ᠶᠢᠨ ᠡᠳᠤᠷ ᠤᠨ ᠨᠢᠭᠡᠨ | ᠵᠠᠳᠠᠯᠤᠯᠳᠠ ᠶᠢᠨ ᠦᠬᠦᠯᠡᠯ ᠳᠡᠭᠡᠨ ᠤᠯᠠᠨ ᠰᠤᠳᠤᠯᠭᠠᠨ ᠤ ᠬᠦᠮᠤᠰ ᠤᠨ ᠦᠵᠡᠯᠳᠠ ᠠᠴᠠ ᠡᠰᠢ ᠲᠠᠳᠠᠵᠤ | ᠬᠡᠯᠡᠬᠦ ᠳᠡᠭᠡᠨ᠂ ᠤᠳᠤᠬᠠᠨ ᠤ ᠡᠵᠡᠮᠰᠢᠭᠰᠡᠨ ᠮᠡᠳᠡᠭᠡ ᠵᠠᠩᠬᠢ ᠠᠴᠠ ᠦᠵᠡᠪᠡᠯ᠂ ᠰᠢᠨ᠎ᠠ ᠲᠢᠳᠢᠮᠯᠢᠭ ᠸᠢᠷᠦ᠋ᠰ ᠨᠢ | ᠬᠠᠯᠳᠠᠪᠤᠷᠢᠳᠦ ᠳᠠᠬᠰᠢᠭᠤᠷ ᠤᠨ ᠡᠪᠡᠳᠴᠢᠨ ᠤ ᠸᠢᠷᠦ᠋ᠰ ᠰᠢᠭ ᠤᠯᠠᠷᠢᠯ ᠤᠨ ᠴᠢᠨᠠᠷᠳᠠᠢ ᠲᠡᠯᠬᠡᠷᠡᠬᠦ ᠸᠢᠷᠦ᠋ᠰ | ᠪᠤᠯᠬᠤ ᠪᠠᠷ ᠮᠠᠭᠠᠳᠯᠠᠬᠤ ᠨᠢ ᠲᠡᠩᠳᠡᠬᠦᠤ ᠡᠷᠳᠡ ᠪᠠᠶᠢᠨ᠎ᠠ᠂ ᠬᠡᠪᠡᠴᠤ ᠡᠪᠤᠯ ᠤᠨ ᠤᠯᠠᠷᠢᠯ ᠳᠤ ᠠᠭᠠᠷ ᠤᠨ ᠲᠤᠯᠠᠭᠠᠨ | ᠪᠠᠭᠤᠷᠠᠬᠤ ᠨᠢ ᠸᠢᠷᠦ᠋ᠰ ᠤᠨ ᠲᠡᠯᠬᠡᠷᠡᠬᠦ ᠳᠤ ᠨᠤᠴᠤᠭᠰᠠᠠ ᠭᠠᠯ ᠲᠡᠬᠡᠷ᠎ᠠ ᠲᠤᠰᠤ ᠨᠡᠮᠡᠭᠰᠡᠡ ᠰᠢᠭ ᠪᠠᠶᠢᠵᠤ᠂ | ᠢᠷᠡᠬᠡᠳᠤᠢ ᠶᠢᠨ ᠬᠡᠳᠤᠨ ᠰᠠᠷ᠎ᠠ ᠳᠤ ᠤᠮᠠᠷᠠᠳᠤ ᠬᠠᠭᠠᠰ ᠪᠦᠮᠪᠦᠷᠴᠡᠭ ᠤᠨ ᠬᠢᠵᠢᠭ ᠤᠨ ᠪᠠᠶᠢᠳᠠᠯ ᠢ ᠰᠡᠷᠬᠡᠶᠢᠯᠡᠨ | ᠡᠵᠡᠮᠳᠡᠬᠦ ᠠᠵᠢᠯ ᠨᠡᠩ ᠬᠠᠳᠠᠭᠤ ᠪᠡᠷᠬᠡ ᠪᠤᠯᠤᠨ᠎ᠠ ᠬᠡᠵᠡᠢ᠃ | ᠠᠮᠧᠷᠢᠺᠠ ᠶᠢᠨ ᠰᠲ᠋ᠠᠨᠹᠦᠷᠳ᠋ ᠶᠡᠭᠡ ᠰᠤᠷᠭᠠᠭᠤᠯᠢ ᠶᠢᠨ ᠪᠢᠴᠢᠯ ᠠᠮᠢᠳᠤ ᠪᠤᠳᠠᠰ ᠤᠨ ᠡᠷᠳᠡᠮᠳᠡᠨ ᠳ᠋ᠠᠶᠢᠸᠢᠰ · | ᠯᠸᠢᠢᠷᠮᠠᠨ ᠤ ᠦᠵᠡᠬᠦ ᠪᠠᠷ᠂ ᠰᠢᠨ᠎ᠠ ᠲᠢᠳᠢᠮᠯᠢᠭ ᠸᠢᠷᠦ᠋ᠰ ᠨᠢ ᠢᠷᠡᠬᠦ ᠬᠡᠳᠤᠨ ᠰᠠᠷ᠎ᠠ ᠳᠤ ︽ᠢᠳᠡᠪᠬᠢᠯᠢᠭ | ᠬᠤᠭᠤᠴᠠᠭᠠᠨ︾ ᠳᠤ ᠤᠷᠤᠬᠤ ᠪᠤᠯᠤᠨ᠎ᠠ᠃ ᠤᠯᠠᠮ ᠠᠴᠠ ᠤᠯᠠᠨ ᠬᠡᠷᠡᠴᠢ ᠳᠤ ᠢᠯᠡᠷᠡᠬᠦᠯᠦᠭᠰᠡᠨ ᠢᠶᠠᠷ᠂ ᠡᠪᠤᠯ ᠤᠨ | ᠤᠯᠠᠷᠢᠯ ᠤᠨ ᠠᠭᠠᠷ ᠤᠨ ᠲᠤᠯᠠᠭᠠᠨ ᠤ ᠪᠠᠭᠤᠷᠠᠯᠳᠠ ᠨᠢ ᠰᠢᠨ᠎ᠠ ᠲᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠤᠨ | ᠪᠠᠶᠢᠳᠠᠯ ᠤᠨ ᠨᠡᠩ ᠶᠡᠭᠡ ᠬᠡᠪᠴᠢᠶ᠎ᠠ ᠪᠠᠷ ᠦᠷᠪᠢᠰᠤᠨ ᠲᠡᠯᠬᠡᠷᠡᠬᠦ ᠶᠢ ᠠᠬᠢᠭᠤᠯᠵᠤ ᠮᠡᠳᠡᠨ᠎ᠠ ᠬᠡᠵᠡᠢ᠃ | ᠤᠳᠤᠬᠠᠨ ᠳᠤ ᠲᠤᠷᠰᠢᠯᠳᠠ ᠶᠢᠨ ᠲᠠᠰᠤᠬ ᠤᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠰᠢᠨ᠎ᠠ ᠲᠢᠳᠢᠮᠯᠢᠭ | ᠸᠢᠷᠦ᠋ᠰ ᠨᠢ ᠬᠠᠭᠤᠷᠠᠢ᠂ ᠬᠦᠢᠳᠡᠨ ᠤᠷᠴᠢᠨ ᠲᠤᠭᠤᠷᠢᠨ ᠳᠤ᠂ ᠢᠯᠠᠩᠭᠤᠶ᠎ᠠ ᠨᠠᠷᠠᠨ ᠤ ᠬᠡᠷᠡᠯ ᠰᠢᠭᠤᠳ ᠲᠤᠰᠬᠤ | ᠦᠬᠡᠢ ᠤᠷᠴᠢᠨ ᠲᠤᠭᠤᠷᠢᠨ ᠳᠤ ᠠᠮᠠᠷᠬᠠᠨ ᠦᠷᠡᠵᠢᠨ ᠠᠮᠢᠳᠤᠷᠠᠨ᠎ᠠ᠃ ᠠᠮᠧᠷᠢᠺᠠ ᠶᠢᠨ ᠫᠠᠷᠢᠨᠰᠳᠦ᠋ᠨ ᠶᠡᠭᠡ | ᠰᠤᠷᠭᠠᠭᠤᠯᠢ ᠶᠢᠨ ᠠᠮᠢᠳᠤ ᠪᠤᠳᠠᠰ ᠤᠨ ᠡᠷᠳᠡᠮᠳᠡᠨ ᠳ᠋ᠢᠯᠦ᠋ᠨ · ᠮᠧᠯᠢᠰ᠂ ᠤᠮᠠᠷᠠᠳᠤ ᠬᠠᠭᠠᠰ ᠪᠦᠮᠪᠦᠷᠴᠡᠭ ᠤᠨ | ᠡᠪᠤᠯ ᠤᠨ ᠤᠯᠠᠷᠢᠯ ᠳᠤ᠂ ᠬᠡᠷ ᠢᠶᠠᠨ ᠲᠤᠯᠠᠭᠠᠯᠠᠬᠤ ᠵᠡᠷᠬᠡ ᠠᠴᠠ ᠪᠤᠯᠵᠤ ᠬᠡᠷ ᠳᠤᠳᠤᠷᠠᠬᠢ ᠲᠤᠯᠠᠭᠠᠨ ᠤ ᠬᠡᠮᠵᠢᠶ᠎ᠠ | 20 ᠭᠷᠡᠳᠦ᠋ᠰ ᠤᠨ ᠤᠷᠴᠢᠮ ᠪᠠᠶᠢᠵᠤ᠂ ᠭᠡᠷ ᠳᠤᠳᠤᠷᠠᠬᠢ ᠠᠭᠤᠷ ᠠᠮᠢᠰᠬᠤᠯ ᠬᠠᠭᠤᠷᠠᠢ᠂ ᠵᠢᠪᠠᠷ ᠨᠡᠪᠳᠡᠷᠡᠬᠦ | ᠨᠦᠬᠦᠴᠠᠯ ᠮᠠᠭᠤ ᠪᠤᠯᠵᠤ᠂ ︽ᠡᠪᠤᠯ ᠤᠯᠠᠷᠢᠯ ᠤᠨ ᠬᠡᠷ ᠳᠤᠳᠤᠷᠠᠬᠢ ᠨᠦᠬᠦᠴᠠᠯ ᠨᠢ ᠸᠢᠷᠦ᠋ᠰ ᠤᠨ ᠲᠤᠭᠳᠠᠪᠤᠷᠢᠳᠤ | ᠴᠢᠨᠠᠷ ᠲᠤ ᠲᠦᠢᠯ ᠤᠨ ᠠᠰᠢᠬᠳᠠᠢ ᠪᠤᠯᠳᠠᠬ︾ ᠬᠡᠵᠤ ᠵᠠᠳᠠᠯᠤᠨ ᠬᠡᠯᠡᠪᠡ᠃ | ᠬᠡᠳᠦ᠋ᠢᠪᠡᠷ ᠤᠯᠠᠷᠢᠯ ᠤᠨ ᠬᠤᠪᠢᠷᠠᠯᠳᠠ ᠶᠢᠨ ᠡᠯᠧᠮᠧᠨ᠋ᠲ ᠨᠢ ᠰᠢᠨ᠎ᠠ ᠲᠢᠳᠢᠮᠯᠢᠭ ᠸᠢᠷᠦ᠋ᠰ ᠤᠨ ᠬᠠᠯᠳᠠᠪᠤᠷᠢᠯᠠᠯ ᠢ | ᠠᠬᠢᠭᠤᠯᠬᠤ ᠪᠤᠯᠪᠠᠴᠤ᠂ ᠢᠷᠡᠬᠡᠳᠤᠢ ᠶᠢᠨ ᠨᠢᠬᠡ ᠬᠤᠭᠤᠴᠠᠭᠠᠨ ᠳᠤ ᠰᠢᠨ᠎ᠠ ᠲᠢᠳᠢᠮᠯᠢᠭ ᠠᠭᠤᠰᠬᠢᠨ ᠦᠷᠪᠢᠰᠤᠯ ᠤᠨ | ᠬᠢᠵᠢᠭ ᠤᠨ ᠪᠠᠶᠢᠳᠠᠯ ᠤᠨ ᠲᠡᠯᠬᠡᠷᠡᠬᠦ ᠶᠢᠨ ᠭᠤᠤᠯ ︽ᠠᠬᠢᠭᠤᠯᠤᠬᠴᠢ︾ ᠨᠢ ᠮᠦᠨ ᠯᠠ ᠬᠢᠯᠪᠠᠷᠬᠠᠨ ᠬᠠᠯᠳᠠᠪᠤᠷᠢᠯᠠᠬᠤ | ᠬᠦᠮᠤᠰ ᠪᠤᠯᠤᠨ᠎ᠠ ᠬᠡᠵᠤ ᠲᠤᠰᠬᠠᠢ ᠮᠡᠷᠬᠡᠵᠢᠯᠳᠠᠳ ᠵᠢᠭᠠᠵᠤ ᠭᠠᠷᠭᠠᠪᠠ᠃ ᠫᠡᠷᠢᠨᠰᠳᠦ᠋ᠨ ᠶᠡᠭᠡ ᠰᠤᠷᠭᠠᠭᠤᠯᠢ ᠶᠢᠨ | ᠲᠠᠬᠤᠯ ᠡᠪᠡᠳᠴᠢᠨ ᠤ ᠡᠷᠳᠡᠮᠳᠡᠨ ᠯᠸᠢᠢᠴᠢᠶᠧᠷ · ᠪᠸᠢᠢᠺᠧ᠂ ᠤᠳᠤᠬᠠᠨ ᠳᠤ ᠦᠯᠡᠮᠵᠢ ᠤᠯᠠᠨ ᠬᠦᠮᠤᠰ ᠲᠤ ᠰᠢᠨ᠎ᠠ | ᠲᠢᠳᠢᠮᠯᠢᠭ ᠸᠢᠷᠦ᠋ᠰ ᠠᠮᠠᠷᠬᠠᠨ ᠬᠠᠯᠳᠠᠪᠤᠷᠢᠯᠠᠵᠤ ᠪᠠᠶᠢᠨ᠎ᠠ᠃ ᠡᠨᠡ ᠨᠢ ᠤᠳᠠᠯ ᠦᠬᠡᠢ ᠵᠤᠨ ᠤ ᠤᠯᠠᠷᠢᠯ ᠳᠤ ᠤᠷᠤᠬᠤ | ᠡᠮᠤᠨᠡᠳᠤ ᠬᠠᠭᠠᠰ ᠪᠦᠮᠪᠦᠷᠴᠡᠭ ᠤᠨ ᠤᠯᠤᠰ ᠲᠤ ᠠᠪᠴᠤ ᠬᠡᠯᠡᠭᠰᠡᠨ ᠴᠤ ᠬᠦᠮᠤᠰ ᠰᠡᠷᠡᠮᠵᠢ ᠪᠠᠨ ᠦᠯᠤ | ᠰᠤᠯᠠᠷᠠᠭᠤᠯᠵᠤ ᠪᠤᠯᠬᠤ ᠶᠢ ᠬᠠᠷᠠᠭᠤᠯᠵᠤ ᠪᠠᠶᠢᠨ᠎ᠠ ᠬᠡᠵᠤ ᠬᠡᠯᠡᠪᠡ᠃ |