ᠣᠶᠢᠷ᠎ᠠ ᠳᠤ᠂ ᠥᠪᠥᠷ ᠮᠣᠩᠭᠤᠯ ᠤᠨ ᠶᠡᠭᠡ ᠬᠢᠩᠭᠠᠨ ᠳᠠᠪᠠᠭ᠎ᠠ ᠶᠢᠨ ᠬᠤᠶᠢᠲᠤ ᠬᠡᠰᠡᠭ ᠤᠨ ᠪᠠᠯᠠᠷ ᠰᠢᠭᠤᠶᠢᠲᠤ ᠣᠷᠣᠨ ᠤ ᠣᠶ ᠰᠢᠭᠤᠶ ᠶᠢᠨ ᠳᠣᠲᠣᠭᠠᠳᠤ ᠶᠢ | ᠬᠠᠮᠠᠭᠠᠯᠠᠬᠤ ᠲᠣᠪᠴᠢᠶ᠎ᠠ ᠪᠣᠯᠤᠨ ᠬᠠᠮᠢᠶᠠᠷᠴᠤ ᠬᠠᠮᠠᠭᠠᠯᠠᠬᠤ ᠲᠣᠪᠴᠢᠶ᠎ᠠ ᠶᠢᠨ ᠠᠵᠢᠯᠲᠠᠳ ᠤᠯᠠᠭᠠᠨ ᠤ ᠭᠠᠳᠠᠨᠠᠬᠢ ᠬᠡᠷᠡᠯ ᠵᠢᠷᠤᠭ ᠢ ᠡᠮᠬᠢᠯᠡᠬᠦ ᠦᠶ᠎ᠡ ᠳᠤ᠂ 5 | ᠴᠢᠨ᠋ᠸ᠎ᠠ ᠪᠠᠷ ᠪᠦᠷᠢᠯᠳᠤᠭ᠍ᠰᠡᠨ ᠴᠢᠨ᠋ᠸ᠎ᠠ ᠶᠢᠨ ᠰᠦᠷᠦᠭ ᠤᠨ ᠣᠶ ᠰᠢᠭᠤᠶ ᠳᠤ ᠠᠵᠢᠯᠯᠠᠭ᠎ᠠ ᠬᠢᠵᠦ ᠪᠠᠶᠢᠭ᠎ᠠ ᠬᠤᠪᠣᠷ ᠨᠠᠨᠳᠢᠨ ᠬᠡᠷᠡᠯ ᠵᠢᠷᠤᠭ ᠢ ᠣᠯᠵᠤ ᠮᠡᠳᠡᠵᠡᠶ᠃ ᠶᠡᠭᠡ | ᠬᠢᠩᠭᠠᠨ ᠳᠠᠪᠠᠭ᠎ᠠ ᠶᠢᠨ ᠣᠶ ᠰᠢᠭᠤᠶ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠬᠠᠤᠯᠢ ᠴᠠᠭᠠᠵᠠ ᠶᠢᠨ ᠬᠢᠨᠠᠨ ᠲᠣᠭᠲᠠᠭᠠᠬᠤ ᠲᠥᠪ ᠤᠨ ᠵᠠᠳᠠᠯᠤᠭᠰᠠᠨ ᠢᠶᠠᠷ | ᠂ ᠡᠨᠡ 5 ᠴᠢᠨ᠋ᠸ᠎ᠠ ᠪᠣᠯ ︽ᠤᠯᠤᠰ ᠤᠨ ᠬᠠᠮᠠᠭᠠᠯᠠᠯᠲᠠ ᠳᠤ ᠠᠰᠢᠭᠲᠠᠶ ᠪᠤᠶᠤ ᠠᠵᠤ ᠠᠬᠤᠶ᠂ ᠰᠢᠨᠵᠢᠯᠡᠬᠦ ᠤᠬᠠᠭᠠᠨ ᠤ ᠰᠤᠳᠤᠯᠭᠠᠨ ᠤ ᠴᠢᠬᠤᠯᠠ ᠦᠨ᠎ᠡ | ᠥᠷᠲᠡᠭ ᠲᠠᠢ ᠬᠠᠭᠤᠷᠠᠶ ᠶᠢᠨ ᠬᠡᠭᠡᠷ᠎ᠡ ᠶᠢᠨ ᠠᠮᠢᠲᠠᠨ ᠤ ᠨᠡᠷᠡᠰ ᠤᠨ ᠵᠢᠭᠰᠠᠭᠠᠯᠲᠠ︾ ᠳᠣᠲᠣᠷᠠᠬᠢ ᠬᠡᠭᠡᠷ᠎ᠡ ᠶᠢᠨ ᠠᠮᠢᠲᠠᠨ ᠪᠣᠯᠤᠨ᠎ᠠ᠃ ᠲᠤᠰ ᠤᠳᠠᠭᠠᠨ ᠤ | ᠰᠡᠭᠦᠳᠡᠷᠯᠡᠭᠰᠡᠨ ᠭᠠᠵᠠᠷ ᠨᠢ 2019 ᠤᠨ ᠤ 12 ᠰᠠᠷ᠎ᠠ ᠶᠢᠨ 22 ᠤᠨ ᠡᠳᠦᠷ ᠤᠨ ᠴᠢᠨ᠋ᠸ᠎ᠠ ᠶᠢᠨ ᠰᠦᠷᠦᠭ ᠤᠨ ᠬᠠᠷᠠᠭᠠᠨ ᠳᠠᠪᠲᠠᠮᠵᠢ ᠶᠢᠨ ᠰᠡᠭᠦᠳᠡᠷᠯᠡᠭᠰᠡᠨ | ᠴᠡᠭ ᠠᠴᠠ 900 ᠮᠧᠲᠷ ᠣᠷᠴᠢᠮ᠂ ᠨᠢᠭᠡᠨᠲᠡ ᠢᠯᠡᠷᠡᠭᠦᠯᠦᠭᠰᠡᠨ ᠲᠤᠭ᠎ᠠ ᠬᠡᠮᠵᠢᠶᠡᠨ ᠤ ᠴᠢᠨ᠋ᠸ᠎ᠠ ᠶᠢᠨ ᠰᠦᠷᠦᠭ ᠤᠨ ᠬᠠᠷᠢᠶᠠᠲᠤ ᠭᠠᠵᠠᠷ ᠤᠨ ᠬᠡᠪᠴᠢᠶ᠎ᠡ ᠶᠢ | ᠦᠨᠳᠦᠰᠦᠯᠡᠪᠡᠯ᠂ ᠬᠤᠶᠠᠷ ᠬᠠᠷᠠᠭᠠᠨ ᠳᠠᠪᠲᠠᠮᠵᠢ ᠶᠢᠨ ᠵᠢᠷᠤᠭ ᠲᠠᠬᠢ ᠴᠢᠨ᠋ᠸ᠎ᠠ ᠶᠢᠨ ᠦᠰᠦᠨ ᠤ ᠥᠩᠭᠡ᠂ ᠨᠢᠯᠪᠤᠰᠤᠨ ᠪᠤᠯᠴᠢᠷᠬᠠᠶ ᠶᠢᠨ ᠤᠨᠴᠠᠯᠢᠭ᠂ ᠬᠤᠰᠢᠭᠤ ᠶᠢᠨ | ᠣᠨᠴᠠᠯᠢᠭ ᠢ ᠬᠠᠷᠢᠴᠠᠭᠤᠯᠤᠨ᠂ ᠬᠤᠶᠠᠷ ᠤᠳᠠᠭ᠎ᠠ ᠰᠡᠭᠦᠳᠡᠷᠯᠡᠭᠰᠡᠨ ᠵᠢᠷᠤᠭ ᠲᠤ ᠠᠳᠠᠯᠢ ᠨᠢᠭᠡ ᠴᠢᠨ᠋ᠸ᠎ᠠ ᠶᠢᠨ ᠰᠦᠷᠦᠭ ᠪᠣᠯᠤᠨ᠎ᠠ᠃ ᠳᠡᠭᠡᠷ᠎ᠡ ᠤᠳᠠᠭ᠎ᠠ ᠲᠠᠢ ᠠᠳᠠᠯᠢ | ᠦᠭᠡᠢ ᠨᠢ ᠭᠡᠪᠡᠯ᠂ ᠡᠨᠡ ᠤᠳᠠᠭᠠᠨ ᠤ ᠴᠢᠨ᠋ᠸ᠎ᠠ ᠶᠢᠨ ᠰᠦᠷᠦᠭ ᠤᠨ ᠲᠤᠭ᠎ᠠ ᠨᠢ ᠨᠢᠳᠤᠨᠤᠨ ᠤ ᠵᠢᠷᠭᠤᠭᠠᠨ ᠲᠤᠯᠤᠭᠠᠢ ᠪᠠᠶᠢᠭᠰᠠᠨ ᠨᠢ ᠲᠠᠪᠤ ᠪᠣᠯᠲᠠᠯ᠎ᠠ ᠪᠠᠭᠠᠰᠴᠤ᠂ | ᠬᠤᠶᠠᠳᠤᠭᠠᠷ ᠨᠢ ᠵᠢᠷᠤᠭ ᠲᠤ ᠢᠯᠡᠷᠡᠭᠰᠡᠨ ᠴᠢᠨ᠋ᠸ᠎ᠠ ᠶᠢᠨ ᠪᠠᠷᠠᠭᠤᠨ ᠬᠤᠶᠢᠲᠤ ᠶᠠᠰᠤᠨ ᠤ ᠬᠡᠰᠡᠭ ᠨᠢ ᠰᠢᠷᠬᠠᠲᠤᠪᠠ᠃ | ᠳᠡᠭᠡᠷ᠎ᠡ ᠤᠳᠠᠭ᠎ᠠ ᠰᠡᠭᠦᠳᠡᠷᠯᠡᠭᠡᠳ ᠨᠢᠭᠡ ᠵᠢᠯ ᠪᠣᠯᠵᠤ᠂ ᠵᠢᠷᠤᠭ ᠲᠠᠬᠢ ᠰᠦᠷᠦᠭ ᠴᠢᠨ᠋ᠸ᠎ᠠ ᠮᠥᠨ ᠯᠡ ᠢᠳᠡᠷᠡᠭᠦᠨ ᠴᠢᠭᠢᠷᠠᠭ᠂ ᠬᠠᠷᠢᠶᠠᠲᠤ ᠭᠠᠵᠠᠷ ᠤᠨ | ᠬᠡᠪᠴᠢᠶ᠎ᠡ ᠨᠢ ᠦᠷᠭᠦᠯᠵᠢ ᠲᠡᠭᠦᠨ ᠤ ᠬᠥᠳᠡᠯᠭᠡᠭᠡᠨ ᠤ ᠪᠠᠶᠢᠳᠠᠯ ᠢ ᠢᠯᠡᠷᠡᠭᠦᠯᠳᠡᠭ᠃ ᠲᠤᠰ ᠣᠷᠣᠨ ᠤ ᠬᠡᠲᠦ ᠤᠯᠠᠭᠠᠨ ᠰᠠᠴᠤᠷᠠᠭ ᠤᠨ ᠭᠡᠷᠡᠯ ᠵᠢᠷᠤᠭ ᠤᠨ ᠮᠠᠰᠢᠨ | ᠪᠠᠰᠠ ᠪᠣᠷᠣ ᠭᠥᠷᠥᠭᠡᠰᠦ᠂ ᠬᠡᠭᠡᠷ᠎ᠡ ᠶᠢᠨ ᠲᠠᠤᠯᠠᠶ ᠵᠡᠷᠭᠡ ᠳᠤᠮᠳᠠ ᠵᠢᠵᠢᠭ ᠬᠡᠯᠪᠡᠷᠢ ᠶᠢᠨ ᠡᠪᠡᠰᠦᠨ ᠲᠡᠵᠢᠭᠡᠯᠲᠦ ᠠᠮᠢᠳᠠᠨ ᠢ ᠰᠡᠭᠦᠳᠡᠷᠯᠡᠵᠡᠶ᠃ ᠡᠨᠡ ᠨᠢ ᠢᠳᠡᠰᠢᠨ | ᠭᠢᠨᠵᠢ ᠪᠦᠷᠢᠨ ᠪᠦᠳᠤᠨ ᠢ ᠬᠠᠷᠠᠭᠤᠯᠤᠨ᠂ ᠴᠢᠨ᠋ᠸ᠎ᠠ ᠶᠢᠨ ᠰᠦᠷᠦᠭ ᠤᠨ ᠣᠷᠣᠰᠢᠨ ᠲᠣᠭᠲᠠᠨᠢᠬᠤ ᠪᠠ ᠦᠷᠡᠵᠢᠬᠦ ᠨᠢ ᠬᠦᠢᠴᠡᠳ ᠪᠠᠲᠤᠯᠠᠭ᠎ᠠ ᠲᠠᠢ ᠪᠠᠶᠢᠬᠤ ᠶᠢ | ᠬᠠᠷᠠᠭᠤᠯᠵᠤ ᠪᠠᠶᠢᠨ᠎ᠠ᠃ | ᠤᠶᠢᠷ᠎ᠠ ᠶᠢᠨ ᠬᠡᠳᠦᠨ ᠵᠢᠯ ᠳᠤ᠂ ᠤᠮᠠᠷᠠᠲᠤ ᠬᠡᠰᠡᠭ ᠤᠨ ᠪᠠᠯᠠᠷ ᠣᠶ ᠰᠢᠭᠤᠶ ᠶᠢᠨ ᠣᠷᠣᠨ ᠤ ᠣᠶ ᠰᠢᠭᠤᠶ ᠶᠢᠨ ᠳᠣᠲᠣᠭᠠᠳᠤ ᠶᠢ ᠬᠠᠮᠠᠭᠠᠯᠠᠬᠤ ᠲᠤᠪᠴᠢᠶ᠎ᠡ | ᠪᠣᠯᠤᠨ ᠬᠠᠮᠢᠶᠠᠷᠤᠯᠲᠠ ᠬᠠᠮᠠᠭᠠᠯᠠᠯᠲᠠ ᠶᠢᠨ ᠲᠣᠪᠴᠢᠶ᠎ᠠ ᠬᠠᠷᠢᠶᠠᠲᠤ ᠣᠷᠣᠨ ᠤ ᠠᠮᠢ ᠠᠬᠤᠶ ᠶᠢ ᠬᠠᠮᠠᠭᠠᠯᠠᠬᠤ ᠡᠷᠴᠢᠮ ᠢᠶᠠᠨ ᠴᠢᠩᠭᠠᠳᠬᠠᠬᠤ ᠳᠠᠭᠠᠯᠳᠤᠨ ᠬᠠᠤᠯᠢ | ᠪᠤᠰᠤ ᠪᠠᠷ ᠬᠤᠯᠠᠭᠠᠶᠢᠯᠠᠨ ᠠᠩᠨᠠᠬᠤ᠂ ᠬᠡᠭᠡᠷ᠎ᠡ ᠶᠢᠨ ᠠᠮᠢᠲᠠᠨ ᠤᠷᠭᠤᠮᠠᠯ ᠤᠨ ᠡᠬᠢ ᠪᠠᠶᠠᠯᠢᠭ ᠢ ᠡᠪᠳᠡᠬᠦ ᠵᠡᠷᠭᠡ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠳᠤ | ᠴᠣᠬᠢᠯᠲᠠ ᠥᠭᠭᠦᠨ᠎ᠡ᠃ ᠡᠯ᠎ᠡ ᠲᠥᠷᠥᠯ ᠤᠨ ᠬᠡᠭᠡᠷ᠎ᠡ ᠶᠢᠨ ᠠᠮᠢᠲᠠᠨ ᠤ ᠳᠦᠷᠰᠦ ᠶᠢᠨ ᠰᠦᠷᠦᠭ ᠡᠳᠦᠷ ᠢᠷᠡᠬᠦᠶ᠎ᠡ ᠨᠡᠮᠡᠭᠳᠡᠵᠦ᠂ ᠠᠵᠢᠯᠯᠠᠭ᠎ᠠ ᠶᠢᠨ ᠤᠯᠠ ᠮᠥᠷ ᠪᠠᠶᠢᠨ | ᠳᠠᠬᠢᠨ ᠰᠡᠭᠦᠳᠡᠷᠯᠡᠭᠳᠡᠵᠦ ᠪᠠᠶᠢᠬᠤ ᠨᠢ ᠤᠮᠠᠷᠠᠲᠤ ᠬᠡᠰᠡᠭ ᠤᠨ ᠪᠠᠯᠠᠷ ᠡᠷᠲᠡᠨ ᠤ ᠰᠢᠭᠤᠶᠢᠲᠤ ᠣᠷᠣᠨ ᠤ ᠠᠮᠢ ᠠᠬᠤᠶ ᠶᠢᠨ ᠬᠠᠮᠠᠭᠠᠯᠠᠯᠲᠠ ᠶᠢᠨ ᠦᠷ᠎ᠡ ᠪᠦᠲᠦᠮᠵᠢ ᠶᠢᠨ | ᠬᠦᠴᠦᠲᠡᠶ ᠭᠡᠷᠡᠴᠢ ᠪᠤᠯᠤᠭᠰᠠᠨ ᠪᠠᠶᠢᠨ᠎ᠠ᠃ | ᠡᠬᠡ ᠪᠢᠴᠢᠭ ᠤᠨ ᠢᠷᠡᠯᠲᠡ᠄ ᠲᠦᠪ ᠤᠨ ᠲᠧᠯᠸᠢᠰ |