ᠨᠤᠭᠤᠭ᠎ᠠ ᠢᠳᠡᠭᠦ ᠦᠬᠡᠢ ᠪᠤᠯ ᠡᠪᠡᠳᠴᠢᠨ ᠤᠯᠤᠨ᠎ᠠ | ᠢᠳᠡᠭᠡᠨ ᠤᠮᠳᠠᠭᠠᠨ ᠤ ᠵᠦᠭᠯᠡᠭᠦᠷ ᠲᠤ᠂ ᠡᠳᠦᠷ ᠪᠤᠯᠭᠠᠨ 300 — 500 ᠭᠷᠡᠮ ᠢᠳᠡᠰᠢᠨ ᠨᠤᠭᠤᠭ᠎ᠠ | ᠢᠳᠡᠵᠦ᠂ ᠡᠭᠦᠨ ᠤ ᠬᠠᠭᠠᠰ ᠨᠢ ᠭᠦᠨ ᠦᠩᠭᠡᠳᠡᠢ ᠢᠳᠡᠰᠢᠨ ᠨᠤᠭᠤᠭ᠎ᠠ ᠪᠠᠶᠢᠬᠤ ᠶᠤᠰᠤᠳᠠᠢ ᠭᠡᠰᠡᠨ ᠵᠦᠪᠯᠡᠯᠭᠡ | ᠦᠭᠭᠦᠭᠰᠡᠨ ᠪᠠᠶᠢᠨ᠎ᠠ᠃ | ︽ᠠᠮᠢ ᠨᠠᠰᠤᠨ ᠤ ᠴᠠᠭ ᠰᠤᠨᠢᠨ︾ ᠤ ᠬᠢᠨ ᠵᠤᠬᠢᠶᠠᠨ ᠪᠠᠶᠢᠭᠤᠯᠤᠭᠰᠠᠨ ᠢᠳᠡᠰᠢᠨ ᠨᠤᠭᠤᠭ᠎ᠠ ᠢᠳᠡᠵᠦ ᠪᠠᠶᠢᠭ᠎ᠠ | ᠪᠠᠶᠢᠳᠠᠯ ᠤᠨ ᠳᠤᠬᠠᠢ ᠪᠠᠶᠢᠴᠠᠭᠠᠯᠳᠠ ᠠᠴᠠ ᠦᠵᠡᠪᠡᠯ᠂ ᠮᠠᠨ ᠤ ᠤᠯᠤᠰ ᠤᠨ ᠤᠯᠠᠩᠭᠢ ᠳᠤᠭᠠᠨ ᠤ ᠬᠦᠮᠦᠨ ᠪᠦᠷ | ᠡᠳᠦᠷ ᠪᠤᠯᠭᠠᠨ ᠢᠳᠡᠰᠢᠨ ᠨᠤᠭᠤᠭ᠎ᠠ ᠢᠳᠡᠵᠤ ᠪᠠᠶᠢᠭ᠎ᠠ ᠪᠤᠯᠪᠠᠴᠤ ᠶᠢᠰᠦᠨ ᠬᠤᠪᠢ ᠶᠢᠨ ᠬᠦᠮᠦᠨ ᠤ ᠢᠳᠡᠭᠰᠡᠨ | ᠢᠳᠡᠰᠢᠨ ᠨᠤᠭᠤᠭ᠎ᠠ ᠶᠢᠨ ᠳᠦᠷᠦᠯ ᠨᠢ 5 ᠵᠦᠢᠯ ᠠᠴᠠ ᠳᠤᠤᠷ᠎ᠠ ᠪᠠᠶᠢᠵᠤ᠂ ᠨᠢᠭᠡ ᠯᠡ ᠵᠦᠢᠯ ᠤᠨ ᠨᠤᠭᠤᠭ᠎ᠠ | ᠢᠳᠡᠳᠡᠭ ᠬᠦᠮᠦᠨ ᠴᠤ ᠤᠯᠠᠨ ᠪᠠᠶᠢᠭ᠎ᠠ ᠠᠵᠢ᠃ | ᠤᠯᠠᠩᠭᠢ ᠳᠤᠰᠬᠠᠢ ᠮᠡᠷᠭᠡᠵᠢᠯᠳᠡᠨ ᠪᠦᠷ ᠳᠤᠮᠳᠠᠳᠤ ᠤᠯᠤᠰ ᠤᠨ ᠬᠦᠮᠦᠨ ᠤ ᠢᠳᠡᠰᠢᠨ ᠨᠤᠭᠤᠭ᠎ᠠ ᠢᠳᠡᠬᠦ | ᠬᠡᠮᠵᠢᠶ᠎ᠠ ᠪᠠᠭ᠎ᠠ ᠪᠠᠶᠢᠨ᠎ᠠ ᠭᠡᠵᠦ ᠦᠵᠡᠵᠡᠭᠡᠵᠦ ᠪᠠᠶᠢᠨ᠎ᠠ᠃ | | ᠢᠳᠡᠭᠡᠨ ᠤᠮᠳᠠᠭᠠᠨ ᠤ ᠵᠦᠭᠯᠡᠭᠦᠷ ᠲᠤ ᠪᠠᠰᠠ ᠢᠳᠡᠰᠢᠨ ᠨᠤᠭᠤᠭ᠎ᠠ ᠵᠢᠮᠢᠰ ᠳᠡᠮᠡᠢ ᠢᠳᠡᠬᠦ ᠦᠭᠡᠢ ᠪᠠᠶᠢᠬᠤ ᠪᠤᠯ | ᠳᠡᠯᠡᠬᠡᠢ ᠶᠢᠨ ᠤᠯᠤᠰ ᠤᠨ ᠰᠠᠭᠤᠭᠠᠯᠢ ᠠᠷᠠᠳ ᠤᠨ ᠦᠭᠦᠯ ᠤᠨ ᠳᠦᠷᠦᠭᠦᠦ ᠠᠷᠪᠠ ᠳᠤ ᠤᠷᠤᠬᠤ ᠠᠶᠤᠯᠳᠠᠢ | ᠡᠯᠧᠮᠧᠨ᠋ᠲ ᠤᠨ ᠨᠢᠭᠡ ᠪᠤᠯᠤᠨ᠎ᠠ ᠭᠡᠵᠦ ᠵᠢᠭᠠᠭᠰᠠᠨ ᠪᠠᠶᠢᠨ᠎ᠠ᠃ | ᠳᠡᠭᠡᠪᠡᠯ ᠢᠳᠡᠰᠢᠨ ᠨᠤᠭᠤᠭ᠎ᠠ ᠪᠠᠭ᠎ᠠ ᠢᠳᠡᠬᠦ ᠨᠢ ᠴᠤᠬᠤᠮ ᠶᠠᠮᠠᠷ ᠦᠷ᠎ᠡ ᠳ᠋ᠦᠩ ᠢ ᠠᠪᠴᠢᠷᠠᠳᠠᠭ ᠪᠤᠯ︖ | ᠰᠢᠮ᠎ᠡ ᠳᠡᠵᠢᠭᠡᠯ ᠳᠤᠳᠠᠭᠳᠠᠨ᠎ᠠ | ᠢᠳᠡᠰᠢᠨ ᠨᠤᠭᠤᠭ᠎ᠠ ᠳᠤ ᠸᠢᠲ᠋ᠠᠮᠢᠨ᠂ ᠤᠷᠭᠠᠨᠢᠬ ᠪᠤᠰᠤ ᠳᠠᠪᠤᠰᠤ᠂ ᠢᠳᠡᠭᠡᠨ ᠤ ᠰᠢᠷᠭᠡᠭᠯᠢᠭ ᠵᠡᠷᠭᠡ ᠡᠯᠪᠡᠭ | ᠠᠭᠤᠯᠤᠭᠳᠠᠳᠠᠭ᠂ ᠬᠡᠷᠪᠡ ᠢᠳᠡᠰᠢᠨ ᠨᠤᠭᠤᠭ᠎ᠠ ᠢᠳᠡᠬᠦ ᠦᠭᠡᠢ ᠪᠤᠶᠤ ᠬᠦᠷᠦᠯᠴᠡᠭᠦ᠋ᠢᠴᠡ ᠬᠡᠮᠵᠢᠶ᠎ᠠ ᠪᠠᠷ ᠢᠳᠡᠬᠦ | ᠦᠭᠡᠢ ᠪᠤᠯ ᠪᠡᠶ᠎ᠡ ᠶᠢᠨ ᠵᠠᠷᠤᠴᠠᠭᠤᠯᠤᠭᠰᠠᠨ ᠸᠢᠲ᠋ᠠᠮᠢᠨ ᠢ ᠴᠠᠭ ᠳᠤᠬᠠᠢ ᠳᠤᠨᠢ ᠨᠦᠬᠦᠵᠦ ᠳᠡᠶᠢᠯᠬᠦ ᠦᠭᠡᠢ᠃ | ᠡᠪᠡᠳᠴᠢᠨ ᠤᠯᠤᠨ᠎ᠠ | ᠢᠳᠡᠰᠢᠨ ᠨᠤᠭᠤᠭ᠎ᠠ ᠨᠢ ᠬᠦᠮᠦᠨ ᠤ ᠭᠡᠳᠡᠰᠦᠨ ᠤ ᠬᠡᠪ ᠤᠨ ᠴᠢᠳᠠᠪᠬᠢ ᠶᠢ ᠪᠠᠳᠤᠯᠠᠬᠤ ᠳᠤ ᠴᠢᠬᠤᠯᠠ ᠦᠢᠯᠡᠳᠦᠯ | ᠦᠵᠡᠭᠦᠯᠳᠡᠭ᠂ ᠢᠳᠡᠰᠢᠨ ᠨᠤᠭᠤᠭ᠎ᠠ ᠳᠤ ᠠᠭᠤᠯᠤᠭᠳᠠᠳᠠᠭ ᠢᠳᠡᠭᠡᠨ ᠤ ᠰᠢᠷᠭᠡᠭᠯᠢᠭ ᠢ ᠬᠦᠷᠦᠯᠴᠡᠭᠦ᠋ᠢᠴᠡ | ᠬᠡᠮᠵᠢᠶ᠎ᠡ ᠪᠠᠷ ᠰᠢᠩᠭᠡᠭᠡᠨ ᠠᠪᠴᠤ ᠳᠡᠶᠢᠯᠬᠦ ᠦᠭᠡᠢ ᠪᠤᠯ ᠠᠮᠠᠷᠬᠠᠨ ᠬᠤᠷᠭᠤᠰᠤᠯᠠᠬᠤ ᠪᠠᠶᠢᠳᠠᠯ ᠭᠠᠷᠳᠠᠭ ᠪᠦᠭᠡᠳ | ᠤᠯᠠᠮ ᠴᠢᠨᠠᠬᠰᠢᠳᠠ ᠰᠢᠯᠤᠭᠤᠨ ᠭᠡᠳᠡᠰᠦᠨ ᠤ ᠦᠮᠡᠨ ᠡᠭᠦᠰᠭᠡᠬᠦ ᠠᠶᠤᠯ ᠲᠠᠢ ᠪᠠᠶᠢᠳᠠᠭ᠃ ᠬᠦᠷᠦᠯᠴᠡᠭᠦ᠋ᠢᠴᠡ | ᠢᠳᠡᠰᠢᠨ ᠨᠤᠭᠤᠭ᠎ᠠ ᠢᠳᠡᠬᠦ ᠨᠢ ᠪᠠᠰᠠ ᠰᠠ ᠡᠪᠡᠳᠴᠢᠨ ᠪᠠ ᠳᠢᠳᠢᠮᠯᠢᠭ ᠵᠢᠷᠦᠭᠡᠨ ᠡᠪᠡᠳᠴᠢᠨ ᠡᠭᠦᠰᠬᠦ ᠠᠶᠤᠯ ᠢ | ᠪᠠᠭᠠᠰᠬᠠᠳᠠᠭ᠂ ᠮᠦᠨ ᠴᠤ ᠵᠢᠷᠦᠭᠡ ᠴᠢᠰᠦᠨ ᠰᠤᠳᠠᠯ ᠤᠨ ᠡᠪᠡᠳᠴᠢᠨ ᠠᠴᠠ ᠪᠤᠯᠬᠤ ᠦᠬᠦᠯ ᠤᠨ ᠠᠶᠤᠯ ᠢ | ᠪᠠᠭᠠᠰᠬᠠᠳᠠᠭ᠃ | ᠢᠳᠡᠰᠢᠨ ᠨᠤᠭᠤᠭ᠎ᠠ ᠢᠯᠡᠭᠦᠦ ᠢᠳᠡᠬᠦ ᠳᠡᠮ | ᠬᠡᠮᠵᠢᠶᠡᠨ ᠤ ᠳᠠᠯ᠎ᠠ ᠠᠴᠠ ᠶᠠᠷᠢᠪᠠᠯ᠂ 100 ᠭᠷᠡᠮ ᠳᠦᠭᠦᠬᠡᠢ ᠢᠳᠡᠰᠢᠨ ᠨᠤᠭᠤᠭ᠎ᠠ ᠶᠢ ᠪᠤᠯᠭᠤᠭᠰᠠᠨ ᠳᠠᠷᠠᠭ᠎ᠠ | ᠶᠡᠭᠡ ᠪᠠᠭ᠎ᠠ ᠨᠢ ᠪᠠᠷᠤᠭ ᠨᠢᠭᠡ ᠳᠤᠤᠷ ᠪᠦᠮᠪᠦᠭᠡ ᠶᠢᠨ ᠬᠢᠷᠢ ᠪᠤᠯᠳᠠᠭ᠂ ᠳᠡᠶᠢᠮᠦ ᠠᠴᠠ ᠡᠳᠦᠷ ᠲᠤ 5 ᠳᠤᠤᠷ | ᠪᠦᠮᠪᠦᠭᠡ ᠶᠢᠨ ᠬᠢᠷᠢ ᠢᠳᠡᠰᠢᠨ ᠨᠤᠭᠤᠭ᠎ᠠ ᠢᠳᠡᠬᠦ ᠳᠤ ᠯᠡ 500 ᠭᠷᠡᠮ ᠳᠦᠭᠦᠬᠡᠢ ᠢᠳᠡᠰᠢᠨ ᠨᠤᠭᠤᠭ᠎ᠠ | ᠢᠳᠡᠭᠰᠡᠨ ᠲᠠᠢ ᠳᠡᠩᠴᠡᠨ᠎ᠠ᠃ | 1. ᠡᠷᠡᠨ ᠪᠤᠯᠭᠠᠨ ᠤ ᠬᠤᠭᠤᠯᠠᠨ ᠳᠤ ᠪᠦᠷ ᠢᠳᠡᠰᠢᠨ ᠨᠤᠭᠤᠭ᠎ᠠ ᠪᠠᠶᠢᠬᠤ᠂ ᠨᠢᠭᠡ ᠡᠷᠡᠨ ᠤ ᠬᠤᠭᠤᠯᠠᠨ ᠤ | ᠬᠠᠭᠠᠰ ᠢ ᠨᠢ ᠢᠳᠡᠰᠢᠨ ᠨᠤᠭᠤᠭ᠎ᠠ ᠡᠵᠡᠯᠡᠵᠦ ᠪᠠᠶᠢᠬᠤ ᠶᠢ ᠪᠠᠳᠤᠯᠠᠨ᠎ᠠ᠃ ᠳᠡᠭᠡᠪᠡᠯ ᠰᠠᠶ᠋ᠢ 300 — 500 | ᠭᠷᠡᠮ ᠤᠨ ᠬᠠᠷᠠᠯᠳᠠ ᠪᠠᠨ ᠪᠡᠶᠡᠯᠡᠭᠦᠯᠵᠦ ᠳᠡᠶᠢᠯᠦᠨ᠎ᠠ᠃ | ᠭᠤᠷᠪᠠᠨ ᠠᠮᠠ ᠪᠦᠯᠢ ᠶᠢᠨ ᠬᠢᠨ ᠡᠳᠦᠷ ᠲᠤ 1 — 1.5 ᠺᠢᠯᠦᠭᠷᠡᠮ ᠰᠢᠨ᠎ᠠ ᠰᠤᠷᠭᠤᠭ ᠢᠳᠡᠰᠢᠨ | ᠨᠤᠭᠤᠭ᠎ᠠ ᠠᠪᠴᠤ ᠭᠤᠷᠪᠠᠨ ᠡᠷᠡᠨ ᠬᠤᠭᠤᠯᠠᠨ ᠳᠠᠭᠠᠨ ᠬᠤᠪᠢᠶᠠᠵᠤ ᠳᠤᠬᠢᠷᠠᠭᠤᠯᠤᠨ᠎ᠠ᠃ ᠦᠳᠡ ᠤᠷᠤᠢ ᠶᠢᠨ | ᠬᠤᠭᠤᠯᠠᠨ ᠳᠠᠭᠠᠨ ᠢᠳᠡᠰᠢᠨ ᠨᠤᠭᠤᠭ᠎ᠠ ᠡᠯᠪᠡᠭ ᠨᠤᠭᠤᠭ᠎ᠠ ᠵᠠᠭᠤᠰᠢ ᠪᠡᠯᠡᠳᠭᠡᠨ᠎ᠠ᠂ ᠳᠦᠭᠦᠬᠡᠢ ᠪᠠᠷ ᠢᠳᠡᠵᠦ | ᠪᠤᠯᠳᠠᠭ ᠢᠳᠡᠰᠢᠨ ᠨᠤᠭᠤᠭ᠎ᠠ ︵ᠳᠦᠪᠡᠳ ᠬᠠᠰᠢ᠂ ᠦᠷᠭᠡᠰᠦᠳᠦ ᠬᠡᠮᠭᠡ᠂ ᠭᠡᠷ ᠤᠨ ᠢᠳᠡᠷ᠎ᠡ ᠵᠡᠷᠭᠡ︶ ᠶᠢ | ᠬᠤᠭᠤᠯᠠᠨ ᠡᠮᠦᠨ᠎ᠠ ᠬᠤᠶᠢᠨ᠎ᠠ ᠰᠤᠯᠠ ᠢᠳᠡᠭᠡᠨ ᠤ ᠤᠷᠤᠨ ᠳᠤ ᠢᠳᠡᠵᠦ ᠪᠤᠯᠤᠨ᠎ᠠ᠂ ᠳᠡᠭᠡᠪᠡᠯ ᠢᠳᠡᠰᠢᠨ | ᠨᠤᠭᠤᠭ᠎ᠠ ᠶᠢᠨ ᠤᠤᠯ ᠦᠨᠦᠷ ᠠᠮᠳᠠ ᠶᠢ ᠬᠠᠳᠠᠭᠠᠯᠠᠵᠤ ᠳᠡᠶᠢᠯᠬᠦ ᠪᠠᠷ ᠪᠠᠷᠠᠬᠤ ᠦᠭᠡᠢ ᠰᠢᠮ᠎ᠡ ᠳᠡᠵᠢᠭᠡᠯ ᠢ ᠨᠢ ᠴᠤ | ᠠᠯᠳᠠᠭᠳᠠᠭᠤᠯᠤᠯ ᠦᠭᠡᠢ ᠪᠠᠷ ᠰᠢᠩᠭᠡᠭᠡᠵᠦ ᠪᠤᠯᠤᠨ᠎ᠠ᠃ | 2. ᠭᠠᠷ ᠤᠨ ᠦᠵᠦᠭᠦᠷ ᠳᠠᠯᠪᠢᠨ᠎ᠠ᠃ | ᠠᠮᠧᠷᠢᠺᠠ ᠶᠢᠨ ᠬᠢᠨ ᠤ ᠨᠢᠭᠡ ᠰᠤᠳᠤᠯᠭᠠᠨ ᠠᠴᠠ ᠦᠵᠡᠪᠡᠯ᠂ ᠬᠦᠷᠦᠭᠡᠭᠦᠷ ᠤᠨ ᠬᠠᠭᠠᠯᠭ᠎ᠠ ᠶᠢ | ᠤᠩᠭᠤᠢᠢᠯᠭᠠᠬᠤ ᠲᠠᠢ ᠵᠡᠷᠭᠡ ᠨᠢᠳᠤᠨ ᠳᠤ ᠦᠷᠳᠦᠳᠡᠭ ᠳᠡᠷᠡ ᠢᠳᠡᠭᠡᠨ ᠤ ᠵᠦᠢᠯ ᠢ ᠰᠤᠩᠭᠤᠵᠤ ᠢᠳᠡᠬᠦ | ᠳᠤᠬᠢᠶᠠᠯᠳᠤᠯ ᠨᠢ ᠬᠤᠶᠠᠷ ᠳᠠᠬᠢᠨ ᠢᠶᠠᠷ ᠦᠨᠳᠦᠷ ᠪᠠᠶᠢᠳᠠᠭ ᠪᠠᠶᠢᠨ᠎ᠠ᠂ ᠳᠡᠶᠢᠮᠦ ᠠᠴᠠ ᠢᠳᠡᠰᠢᠨ ᠨᠤᠭᠤᠭ᠎ᠠ ᠪᠠᠨ | ᠨᠢᠳᠤᠨ ᠳᠤ ᠦᠵᠡᠭᠳᠡᠳᠡᠭ ᠭᠠᠷ ᠲᠤ ᠪᠠᠷᠢᠬᠳᠠᠳᠠᠭ ᠭᠠᠵᠠᠷ ᠳᠠᠯᠪᠢᠬᠤ ᠨᠢ ᠳᠤᠩ ᠴᠢᠬᠤᠯᠠ᠃ | ᠢᠳᠡᠭᠡᠨ ᠤᠮᠳᠠᠭᠠᠨ ᠤ ᠵᠦᠭᠯᠡᠭᠦᠷ ᠲᠤ ᠴᠤ᠂ ᠳᠦᠬᠦᠭᠡᠢ ᠪᠠᠷ ᠢᠳᠡᠳᠡᠭ ᠢᠳᠡᠰᠢᠨ ᠨᠤᠭᠤᠭ᠎ᠠ ᠶᠢ ᠨᠢᠳᠤᠨ ᠳᠤ | ᠦᠵᠡᠭᠳᠡᠳᠡᠭ ᠭᠠᠷ ᠲᠤ ᠪᠠᠷᠢᠬᠳᠠᠳᠠᠭ ᠭᠠᠵᠠᠷ ᠲᠤ ᠳᠠᠯᠪᠢᠬᠤ ᠵᠦᠪᠯᠡᠯᠭᠡ ᠦᠭᠭᠦᠭᠰᠡᠨ ᠪᠠᠶᠢᠨ᠎ᠠ᠃ | 3. ᠰᠢᠨ᠎ᠡ ᠰᠡᠪᠡᠭᠦᠨ ᠢᠳᠡᠬᠦ ᠠᠷᠭ᠎ᠠ ᠶᠢ ᠳᠤᠷᠰᠢᠵᠤ ᠪᠤᠯᠤᠨ᠎ᠠ᠃ | ᠢᠳᠡᠰᠢᠨ ᠨᠤᠭᠤᠭ᠎ᠠ ᠶᠢ ᠬᠤᠭᠤᠯᠠᠨ ᠤ ᠪᠠᠨ ᠭᠤᠤᠯ ᠪᠠᠶᠢᠷᠢᠨ ᠳᠤ ᠳᠠᠯᠪᠢᠵᠤ᠂ ᠶᠠᠩᠵᠤ ᠶᠠᠩᠵᠤ ᠪᠠᠷ ᠢᠳᠡᠬᠦ ᠶᠢ | ᠳᠤᠷᠰᠢᠵᠤ ᠦᠵᠡᠵᠦ ᠪᠤᠯᠤᠨ᠎ᠠ᠂ ᠠᠯᠠᠬᠯᠠᠭᠤᠯᠵᠤ ᠢᠳᠡᠬᠦ ᠳᠤᠷᠠᠳᠠᠢ ᠪᠠᠭᠰᠤᠷᠭ᠎ᠠ ᠬᠤᠯᠢᠴᠠ ᠬᠢᠵᠦ ᠢᠳᠡᠵᠦ ᠪᠤᠯᠤᠨ᠎ᠠ | ᠃ ᠭᠡᠷ ᠲᠡᠭᠡᠨ ᠢᠳᠡᠰᠢᠨ ᠨᠤᠭᠤᠭ᠎ᠠ ᠶᠢᠨ ᠰᠢᠭᠦᠰᠦ ᠰᠢᠬᠠᠵᠤ ᠤᠤᠭᠤᠵᠤ ᠪᠤᠯᠤᠨ᠎ᠠ᠂ ᠢᠳᠡᠰᠢᠨ ᠨᠤᠭᠤᠭ᠎ᠠ ᠶᠢᠨ | ᠰᠢᠭᠦᠰᠦ ᠰᠢᠬᠠᠵᠤ ᠤᠤᠭᠤᠬᠤ ᠳᠠᠭᠠᠨ ᠰᠢᠭᠠᠷᠤᠭ ᠲᠠᠢ ᠨᠢ ᠴᠤᠭ ᠤᠤᠭᠤᠪᠠᠯ ᠰᠠᠶᠢᠨ᠃ | ᠢᠳᠡᠰᠢᠨ ᠨᠤᠭᠤᠭ᠎ᠠ ᠰᠤᠩᠭᠤᠵᠤ ᠢᠳᠡᠬᠦ ᠵᠠᠷᠴᠢᠮ | ᠰᠢᠨ᠎ᠠ ᠰᠤᠷᠭᠤᠭ ᠪᠠᠶᠢᠬᠤ ᠶᠢ ᠴᠢᠬᠤᠯᠠᠴᠢᠯᠠᠨ᠎ᠠ | ᠰᠢᠨ᠎ᠠ ᠰᠤᠷᠭᠤᠭ ᠬᠤᠷᠢᠶᠠᠯᠳᠠ ᠶᠢᠨ ᠴᠠᠭ ᠲᠠᠭᠠᠨ ᠪᠠᠶᠢᠭ᠎ᠠ ᠢᠳᠡᠰᠢᠨ ᠨᠤᠭᠤᠭ᠎ᠠ ᠶᠢᠨ ᠦᠩᠭᠡ ᠨᠢ ᠰᠠᠶᠢᠬᠠᠨ᠂ | ᠤᠰᠤᠨ ᠤ ᠠᠭᠤᠯᠤᠭᠳᠠᠴᠠ ᠨᠢ ᠡᠯᠪᠡᠭ᠂ ᠰᠢᠨ᠎ᠠ ᠳᠡᠵᠢᠭᠡᠯ ᠨᠢ ᠪᠦᠷᠢᠨ᠂ ᠦᠨᠦᠷ ᠠᠮᠳᠠ ᠰᠠᠶᠢᠳᠠᠢ ᠪᠠᠶᠢᠳᠠᠭ᠂ | ᠬᠦᠮᠦᠨ ᠤ ᠪᠡᠶ᠎ᠡ ᠶᠢᠨ ᠡᠷᠡᠭᠦᠯ ᠮᠡᠨᠳᠦ ᠳᠤ ᠨᠡᠩ ᠠᠰᠢᠬᠳᠠᠢ ᠪᠠᠶᠢᠳᠠᠭ᠃ | ᠡᠳᠦᠷ ᠤᠨ ᠨᠤᠭᠤᠭ᠎ᠠ ᠪᠠᠨ ᠡᠳᠦᠷ ᠲᠡᠭᠡᠨ ᠠᠪᠴᠤ ᠤᠳᠠᠭᠠᠨ ᠬᠠᠳᠠᠭᠠᠯᠠᠬᠤ ᠦᠭᠡᠢ ᠪᠤᠯ ᠰᠠᠶᠢᠨ᠃ ᠤᠳᠠᠭᠠᠨ | ᠬᠠᠳᠠᠭᠠᠯᠠᠪᠠᠯ ᠤᠰᠤ᠂ ᠰᠢᠮ᠎ᠠ ᠳᠡᠵᠢᠭᠡᠯ ᠨᠢ ᠠᠯᠳᠠᠭᠳᠠᠵᠤ ᠠᠮᠳᠠ ᠨᠢ ᠴᠤ ᠰᠤᠯᠠᠷᠠᠨ᠎ᠠ᠃ ᠤᠳᠠᠭᠠᠨ ᠳᠠᠯᠪᠢᠭᠠᠳ | ᠢᠯᠵᠢᠷᠡᠪᠡᠯ ᠪᠠᠰᠠ ᠳᠤᠳᠠᠭᠤ ᠠᠽᠤᠲ ᠬᠦᠴᠢᠯ ᠤᠨ ᠳᠠᠪᠤᠰᠤ ᠮᠡᠳᠦ ᠶᠢᠨ ᠦᠮᠡᠨ ᠡᠭᠦᠰᠭᠡᠭᠴᠢ ᠶᠢ ᠪᠤᠢ ᠪᠤᠯᠭᠠᠵᠤ | ᠡᠷᠡᠭᠦᠯ ᠮᠡᠨᠳᠦ ᠶᠢ ᠬᠤᠬᠢᠷᠠᠭᠤᠯᠵᠤ ᠮᠡᠳᠡᠨ᠎ᠠ᠃ | ᠦᠩᠭᠡ ᠪᠠᠷ ᠨᠢ ᠰᠤᠩᠭᠤᠨ᠎ᠠ | ᠢᠳᠡᠰᠢᠨ ᠨᠤᠭᠤᠭ᠎ᠠ ᠶᠢ ᠦᠩᠭᠡ ᠪᠠᠷ ᠨᠢ ᠭᠦᠨ ᠦᠩᠭᠡᠳᠡᠢ ᠭᠦᠶᠦᠭᠡᠨ ᠦᠩᠭᠡᠳᠡᠢ ᠭᠡᠵᠦ ᠬᠤᠪᠢᠶᠠᠵᠤ ᠪᠤᠯᠤᠨ᠎ᠠ | ᠃ ᠭᠦᠨ ᠦᠩᠭᠡᠳᠡᠢ ᠢᠳᠡᠰᠢᠨ ᠨᠤᠭᠤᠭ᠎ᠠ ᠭᠡᠳᠡᠭ ᠨᠢ ᠭᠦᠨ ᠨᠤᠭᠤᠭᠠᠨ ᠦᠩᠭᠡᠳᠡᠢ᠂ ᠤᠯᠠᠭᠠᠨ ᠦᠩᠭᠡᠳᠡᠢ᠂ | ᠵᠦᠷᠵᠢ ᠶᠢᠨ ᠤᠯᠠᠭᠠᠨ ᠦᠩᠭᠡᠳᠡᠢ ᠪᠠ ᠬᠦᠷᠡᠩ ᠤᠯᠠᠭᠠᠨ ᠦᠩᠭᠡᠳᠡᠢ ᠢᠳᠡᠰᠢᠨ ᠨᠤᠭᠤᠭ᠎ᠠ ᠶᠢ ᠬᠡᠯᠡᠳᠡᠭ ᠪᠦᠭᠡᠳ | ᠭᠦᠨ ᠦᠩᠭᠡᠳᠡᠢ ᠢᠳᠡᠰᠢᠨ ᠨᠤᠭᠤᠭ᠎ᠠ ᠳᠤ β- ᠬᠤᠯᠤᠤᠪᠠᠩ ᠤᠨ ᠡᠳ᠋ ᠡᠯᠪᠡᠭ ᠠᠭᠤᠯᠤᠭᠳᠠᠳᠠᠭ᠂ ᠳᠡᠷᠡ ᠨᠢ | ᠸᠢᠲ᠋ᠠᠮᠢᠨ A ᠶᠢᠨ ᠭᠤᠤᠯ ᠢᠷᠡᠯᠳᠡ ᠪᠤᠯᠤᠨ᠎ᠠ᠂ ᠳᠡᠶᠢᠮᠦ ᠢᠯᠡᠭᠦᠦ ᠢᠳᠡᠬᠦ ᠶᠢ ᠠᠩᠬᠠᠷᠪᠠᠯ ᠵᠤᠬᠢᠨ᠎ᠠ᠃ | ᠤᠯᠠᠨ ᠲᠦᠷᠦᠯ ᠤᠨ ᠢᠳᠡᠰᠢᠨ ᠨᠤᠭᠤᠭ᠎ᠠ ᠶᠢ ᠰᠤᠯᠢᠵᠤ ᠬᠤᠯᠢᠵᠤ ᠢᠳᠡᠨ᠎ᠠ | ᠢᠳᠡᠰᠢᠨ ᠨᠤᠭᠤᠭ᠎ᠠ ᠰᠤᠩᠭᠤᠨ ᠠᠪᠬᠤ ᠳᠠᠭᠠᠨ ᠤᠯᠠᠨ ᠶᠠᠩᠵᠤ ᠶᠢ ᠬᠤᠪᠢᠷᠠᠭᠤᠯᠵᠤ ᠰᠤᠯᠢᠵᠤ᠂ ᠡᠳᠦᠷ | ᠪᠤᠯᠭᠠᠨ 5 ᠠᠴᠠ ᠳᠡᠭᠡᠭᠰᠢ ᠳᠦᠷᠦᠯ ᠤᠨ ᠢᠳᠡᠰᠢᠨ ᠨᠤᠭᠤᠭ᠎ᠠ ᠢᠳᠡᠭᠰᠡᠨ ᠪᠠᠶᠢᠪᠠᠯ ᠰᠠᠶᠢᠨ᠃ | ᠨᠠᠪᠴᠢᠳᠤ ᠨᠤᠭᠤᠭ᠎ᠠ᠂ ᠵᠠᠭᠠᠯᠮᠠᠢ ᠴᠡᠴᠡᠭᠳᠡᠨ ᠤ ᠢᠵᠠᠭᠤᠷ ᠤᠨ ᠢᠳᠡᠰᠢᠨ ᠨᠤᠭᠤᠭ᠎ᠠ ᠵᠢᠱᠢᠶᠡᠯᠡᠪᠡᠯ ᠰᠢᠯᠢᠮᠳᠡᠭ᠂ | ᠨᠤᠭᠤᠭᠠᠨ ᠴᠡᠴᠡᠭᠳᠦ ᠨᠤᠭᠤᠭ᠎ᠠ᠂ ᠡᠯ᠎ᠠ ᠵᠦᠢᠯ ᠤᠨ ᠪᠦᠭᠡᠷᠡᠩᠬᠡᠢ ᠴᠠᠭᠠᠨ ᠨᠤᠭᠤᠭ᠎ᠠ ᠵᠡᠷᠭᠡ ᠨᠢ ᠪᠦᠷ ᠠᠰᠢᠬᠳᠤ | ᠪᠤᠳᠠᠰ ᠡᠯᠪᠡᠭ ᠠᠭᠤᠯᠳᠠᠭ᠂ ᠢᠯᠡᠭᠦᠦ ᠰᠤᠩᠭᠤᠬᠤ ᠶᠢ ᠠᠩᠬᠠᠷᠪᠠᠯ ᠳᠡᠭᠡᠷ᠎ᠡ︔ | ᠪᠤᠷᠴᠠᠭ ᠤᠨ ᠵᠦᠢᠯ ᠪᠤᠯ ᠬᠦᠮᠦᠰ ᠤᠨ ᠠᠷᠪᠢᠨ ᠢᠳᠡᠳᠡᠭ ᠨᠢᠭᠡ ᠲᠦᠷᠦᠯ ᠪᠤᠯᠤᠨ᠎ᠠ᠂ ᠪᠤᠷᠴᠠᠭ ᠤᠨ ᠵᠦᠢᠯ ᠳᠤ | ᠠᠮᠢᠨᠣ᠋ ᠬᠦᠴᠢᠯ᠂ ᠡᠯ᠎ᠠ ᠵᠦᠢᠯ ᠤᠨ ᠡᠷᠦᠳᠡᠰᠦ ᠪᠠ ᠸᠢᠲ᠋ᠠᠮᠢᠨ ᠡᠯᠪᠡᠭ ᠠᠭᠤᠯᠳᠠᠭ︔ | ᠮᠦᠬᠦ ᠵᠠᠮᠠᠭ ᠤᠨ ᠲᠦᠷᠦᠯ ᠤᠨ ᠢᠳᠡᠭᠡᠨ ᠵᠢᠱᠢᠶᠡᠯᠡᠪᠡᠯ ᠦᠨᠳᠡᠭᠡᠨ ᠮᠦᠬᠦ᠂ ᠬᠠᠪᠳᠠᠭᠠᠢ ᠮᠦᠬᠦ ᠵᠡᠷᠭᠡ ᠳᠤ | ᠸᠢᠲ᠋ᠠᠮᠢᠨ B᠂ ᠳᠡᠮᠦᠷ᠂ ᠰᠧᠯᠧᠨ᠂ ᠺᠠᠯᠢ ᠡᠯᠪᠡᠭ ᠠᠭᠤᠯᠳᠠᠭ᠃ ᠡᠯ᠎ᠠ ᠲᠦᠷᠦᠯ ᠤᠨ ᠢᠳᠡᠰᠢᠨ ᠨᠤᠭᠤᠭ᠎ᠠ ᠶᠢᠨ | ᠤᠨᠴᠠᠯᠢᠬ ᠨᠢ ᠪᠦᠷ ᠠᠳᠠᠯᠢ ᠦᠭᠡᠢ ᠪᠠᠶᠢᠳᠠᠭ ᠪᠤᠯᠬᠤᠷ ᠤᠯᠠᠨ ᠳᠦᠷᠦᠯ ᠢ ᠬᠤᠯᠢᠵᠤ ᠰᠤᠯᠢᠵᠤ ᠢᠳᠡᠵᠦ ᠪᠠᠶᠢᠪᠠᠯ | ᠰᠠᠶᠢᠨ᠃ | ᠠᠩᠬᠠᠷᠤᠭᠤᠯᠬᠤ ᠨᠢ᠂ ᠳᠦᠮᠦᠰᠦ᠂ ᠨᠠᠩᠭᠢ ᠴᠠᠭᠠᠨ᠂ ᠯᠠᠩᠭᠤᠸᠠ ᠵᠡᠷᠭᠡ ᠢᠳᠡᠰᠢᠨ ᠨᠤᠭᠤᠭ᠎ᠠ ᠳᠤ ᠢᠯᠴᠢ | ᠠᠭᠤᠯᠤᠭᠳᠠᠳᠠᠭ ᠪᠤᠯᠬᠤᠷ᠂ ᠡᠳᠡᠭᠡᠷ ᠢᠶᠠᠷ ᠨᠤᠭᠤᠭ᠎ᠠ ᠵᠠᠭᠤᠰᠢ ᠬᠢᠪᠡᠯ ᠭᠤᠤᠯ ᠬᠤᠭᠤᠯᠠ ᠪᠠᠨ ᠪᠠᠭᠠᠰᠬᠠᠬᠤ | ᠴᠢᠬᠤᠯᠠᠲᠠᠢ᠃ | ᠨᠠᠶᠢᠷᠠᠭᠤᠯᠤᠭᠴᠢ᠄ ᠰᠠᠴᠣᠷᠠ |