ᠪᠠᠶ᠎ᠠ ᠮᠠᠬᠠᠪᠤᠳ ᠤᠨ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠲᠡᠭᠡᠭᠰᠢᠯᠡᠬᠦᠯᠬᠦ 4 ᠠᠷᠭ᠎ᠠ
ᠨᠡᠶᠢᠲᠡᠯᠡᠭᠰᠡᠨ ᠴᠠᠭ᠄
2020/12/9
  ᠨᠢᠬᠡ᠂ ᠡᠷᠳᠡ ᠶᠢᠨ ᠬᠤᠭᠤᠯᠠ ᠪᠠᠨ ᠡᠯᠪᠡᠭ ᠢᠳᠡᠬᠦ    ᠬᠡᠷᠪᠡ ᠡᠷᠳᠡ ᠶᠢᠨ ᠬᠤᠭᠤᠯᠠ ᠢᠳᠡᠬᠦ ᠦᠬᠡᠢ ᠪᠤᠯ ᠪᠠᠶ᠎ᠠ ᠳᠤ ᠬᠦᠢᠴᠡᠳ ᠴᠢᠰᠦᠨ ᠰᠢᠬᠢᠷ ᠤᠨ ᠬᠠᠨᠭ᠍ᠭᠠᠯᠭ᠎ᠠ ᠲᠤᠳᠠᠬᠳᠠᠵᠤ᠂ ᠬᠦᠮᠦᠰ ᠶᠠᠳᠠᠷᠠᠬᠤ᠂ ᠵᠠᠯᠬᠠᠭᠤᠷᠠᠬᠤ᠂ ᠰᠡᠳᠬᠢᠯ ᠰᠠᠨᠠᠭ᠎ᠠ ᠲᠦᠪᠯᠡᠷᠡᠬᠦ ᠦᠬᠡᠢ᠂ ᠤᠷᠮ᠎ᠠ ᠵᠤᠷᠢᠬ ᠠᠯᠳᠠᠷᠠᠬᠤ᠂ ᠲᠤᠰᠬᠠᠯ ᠤᠳᠠᠭᠠᠨ ᠵᠡᠷᠭᠡ ᠪᠠᠶᠢᠳᠠᠯ ᠢᠯᠡᠷᠡᠳᠡᠭ᠃ ᠡᠷᠳᠡ ᠶᠢᠨ ᠬᠤᠭᠤᠯᠠ ᠢᠳᠡᠬᠦ ᠦᠬᠡᠢ ᠪᠠᠷ ᠦᠳᠡ ᠶᠢᠨ ᠬᠤᠭᠤᠯᠠ ᠪᠠᠨ ᠬᠡᠳᠦᠷᠡᠳᠡᠯ᠎ᠠ ᠢᠳᠡᠬᠦ ᠨᠢ ᠬᠤᠳᠤᠭᠤᠳᠤᠨ ᠤ ᠲᠠᠷᠤᠭᠠᠰᠤ ᠶᠢ ᠬᠦᠨᠳᠤᠷᠡᠬᠦᠯᠵᠤ᠂ ᠬᠤᠳᠤᠭᠤᠳᠤᠨ ᠦᠷᠪᠢᠰᠦᠯ ᠡᠬᠦᠰᠬᠡᠳᠡᠭ ᠪᠠᠶᠢᠨ᠎ᠠ᠃ ᠡᠬᠦᠨ ᠠᠴᠠ ᠭᠠᠳᠠᠨ᠎ᠠ ᠦᠷᠯᠦᠬᠡ ᠡᠷᠳᠡ ᠪᠤᠯ ᠶᠠᠭ ᠦᠯᠦᠨ ᠪᠠᠶᠢᠳᠠᠭ ᠪᠤᠯᠬᠤᠷ ᠡᠷᠳᠡ ᠶᠢᠨ ᠬᠤᠭᠤᠯᠠ ᠢᠳᠡᠬᠦ ᠦᠬᠡᠢ ᠪᠤᠯ ᠬᠤᠳᠤᠭᠤᠳᠤᠨ ᠳᠠᠬᠢ ᠬᠤᠳᠤᠭᠤᠳᠤᠨ ᠬᠦᠴᠢᠯ ᠨᠢ ᠰᠢᠩᠭᠡᠭᠡᠬᠦ ᠢᠳᠡᠬᠡᠨ ᠦᠬᠡᠢ ᠪᠤᠯᠵᠤ᠂ ᠵᠦᠪᠬᠡᠨ ᠬᠡᠦᠷᠡᠭ ᠪᠠᠶᠢᠳᠠᠭ ᠬᠤᠳᠤᠭᠤᠳᠤᠨ ᠨᠢᠮᠬᠡᠨ ᠰᠠᠯᠢᠰᠦᠨ ᠳᠤ ᠰᠡᠳᠡᠯᠳᠡ ᠦᠭᠳᠡᠭ ᠪᠤᠯᠬᠤᠷ᠂ ᠰᠢᠷ᠎ᠠ ᠬᠤᠰᠤᠬᠤ᠂ ᠬᠤᠳᠤᠭᠤᠳᠤ ᠡᠪᠡᠳᠬᠦ ᠵᠡᠷᠭᠡ ᠪᠠᠶᠢᠵᠤ᠂ ᠡᠳᠦᠷ ᠤᠨ ᠤᠳᠠᠭᠠᠨ ᠳᠠᠭᠠᠨ ᠬᠤᠳᠤᠭᠤᠳᠤᠨ ᠤ ᠰᠢᠷᠬᠠᠯᠠᠭ᠎ᠠ ᠴᠤ ᠡᠬᠦᠰᠬᠡᠳᠡᠭ᠃ ᠡᠶᠢᠮᠦ ᠠᠴᠠ ᠲᠤᠬᠳᠠᠬᠰᠠᠨ ᠴᠠᠭ ᠲᠠᠭᠠᠨ ᠡᠷᠳᠡ ᠶᠢᠨ ᠬᠤᠭᠤᠯᠠ ᠢᠳᠡᠵᠤ᠂ ᠡᠬᠦᠨ ᠳᠤ ᠦᠨᠢᠶᠠᠨ ᠰᠦ᠂ ᠲᠠᠬᠢᠶᠠᠨ ᠦᠨᠳᠡᠭᠡ᠂ ᠲᠠᠯᠬ᠎ᠠ᠂ ᠵᠢᠮᠢᠰ ᠵᠡᠷᠭᠡ ᠶᠢ ᠰᠤᠩᠭᠤᠵᠤ ᠬᠡᠳᠦᠢ ᠡᠯᠪᠡᠭ ᠲᠡᠯᠪᠡᠭ ᠪᠠᠶᠢᠪᠠᠯ ᠲᠡᠳᠦᠢ ᠰᠠᠶᠢᠨ᠃ ᠡᠬᠦᠨ ᠠᠴᠠ ᠭᠠᠳᠠᠨ᠎ᠠ ᠠᠪᠳᠠᠷ᠎ᠠ ᠬᠤᠷᠭᠤ ᠳᠠᠭᠠᠨ ᠪᠤᠤᠪᠤ ᠪᠤᠭᠤᠷᠰᠤᠭ ᠵᠡᠷᠭᠡ ᠶᠢ ᠪᠡᠯᠡᠳᠬᠡᠨ ᠲᠠᠯᠪᠢᠵᠤ᠂ ᠦᠯᠦᠰᠪᠡᠯ ᠢᠳᠡᠵᠤ ᠪᠠᠶᠢᠪᠠᠯ ᠵᠤᠬᠢᠨ᠎ᠠ᠃ ᠬᠤᠶᠠᠷ᠂ ᠦᠳᠡ ᠳᠤ ᠵᠢᠭᠠᠬᠠᠨ ᠠᠮᠤᠰᠬᠢᠬᠦ     ᠵᠢᠯ ᠲᠤᠷᠰᠢ ᠲᠤᠯᠤᠭᠠᠢ ᠦᠨᠳᠡᠶᠢᠯ ᠦᠬᠡᠢ ᠠᠵᠢᠯᠯᠠᠵᠤ ᠶᠠᠳᠠᠷᠠᠬᠤ ᠪᠠᠷ ᠶᠠᠳᠠᠷᠠᠯ ᠴᠢᠯᠡᠭᠡ ᠪᠠᠨ ᠲᠠᠶᠢᠯᠬᠤ ᠳᠤ ᠪᠠᠰᠠ ᠵᠤᠬᠢᠬᠤ ᠴᠠᠭ ᠬᠤᠭᠤᠴᠠᠭ᠎ᠠ ᠬᠡᠷᠡᠭᠰᠡᠳᠡᠭ᠃ ᠬᠡᠷᠪᠡ ᠶᠠᠳᠠᠷᠠᠪᠠᠯ ᠰᠠᠶ᠋ᠢ ᠠᠮᠠᠷᠠᠬᠤ ᠬᠡᠪᠡᠯ ᠦᠷ᠎ᠠ ᠳ᠋ᠦᠡᠭ ᠨᠢ ᠲᠡᠶᠢᠮᠦ ᠰᠠᠶᠢᠨ ᠪᠢᠰᠢ ᠪᠤᠯᠬᠤᠷ ᠤᠷᠢᠳᠠᠪᠠᠷ ᠠᠮᠡᠷᠠᠬᠤ ᠨᠢ ᠲᠤᠩ ᠴᠢᠬᠤᠯᠠ ᠪᠢᠯᠡ᠃ ᠵᠢᠱᠢᠶᠠᠯᠠᠪᠠᠯ ᠦᠳᠡ ᠶᠢᠨ ᠠᠮᠠᠷᠠᠯᠳᠠ ᠳᠤ 15 ᠮᠢᠨᠦ᠋ᠲ ᠤᠨᠳᠠᠪᠠᠯ ᠬᠦᠮᠦᠨ ᠤ ᠪᠠᠶ᠎ᠠ ᠶᠢᠨ ᠡᠰ ᠦᠪᠡᠷ ᠲᠡᠭᠡᠨ ᠰᠡᠷᠬᠦᠵᠤ᠂ ᠬᠠᠮᠤᠭ ᠴᠤᠬᠴᠠᠰ ᠲᠤ ᠢᠳᠡ ᠲᠠᠮᠢᠷ ᠨᠡᠮᠡᠭᠳᠡᠨ ᠴᠤᠬ ᠵᠤᠯᠢ ᠪᠠᠳᠠᠷᠠᠨ᠎ᠠ᠃ ᠭᠤᠷᠪᠠ᠂ ᠠᠵᠢᠯ ᠠᠴᠠ ᠪᠠᠨ ᠪᠠᠭᠤᠪᠠᠯ ᠢᠯᠢᠵᠤ ᠨᠤᠬᠤᠯᠠᠨ ᠠᠮᠠᠷᠠᠬᠤ      ᠡᠳᠦᠷ ᠤᠨ ᠠᠵᠢᠯ ᠠᠴᠠ ᠪᠠᠨ ᠪᠠᠭᠤᠬᠰᠠᠨ ᠤ ᠲᠠᠷᠠᠭ᠎ᠠ ᠬᠦᠮᠦᠰ ᠶᠡᠷᠦᠨᠢ ᠶᠠᠳᠠᠷᠠᠳᠠᠭ᠃ ᠡᠨᠡ ᠦᠶᠡᠰ ᠦᠪᠡᠷ ᠢᠶᠠᠨ ᠢᠯᠢᠵᠤ ᠨᠤᠬᠤᠯᠠᠬᠤ ᠪᠤᠶᠤ ᠲᠤᠰᠬᠠᠢ ᠪᠠᠶᠢᠭᠤᠯᠤᠮᠵᠢ ᠳᠤ ᠬᠦᠷᠴᠤ ᠢᠯᠢᠵᠤ ᠨᠤᠬᠤᠯᠠᠪᠠᠯ ᠬᠠᠮᠤᠭ ᠤᠨ ᠲᠦᠬᠦᠮ ᠬᠢᠯᠪᠠᠷ᠂ ᠬᠠᠮᠤᠭ ᠤᠨ ᠠᠮᠤᠷ ᠲᠦᠪᠰᠢᠨ ᠪᠠᠶ᠎ᠠ ᠰᠤᠪᠢᠯᠠᠬᠤ ᠠᠷᠭ᠎ᠠ ᠪᠤᠯᠵᠤ᠂ ᠡᠬᠦᠨ ᠢ ᠬᠡᠷ ᠵᠠᠭᠤᠷ᠎ᠠ ᠪᠠᠨ ᠴᠤ ᠬᠦᠢᠴᠡᠳᠬᠡᠵᠤ ᠪᠤᠯᠳᠠᠭ᠃ ᠬᠠᠭᠤᠷᠠᠢ ᠪᠠᠷ ᠬᠡᠵᠢᠬᠡ ᠪᠠᠨ ᠰᠠᠮᠨᠠᠬᠤ᠄ ᠬᠤᠶᠠᠷ ᠭᠠᠷ ᠢᠶᠠᠨ ᠬᠤᠮᠢᠵᠤ᠂ ᠡᠷᠡᠬᠡᠢ ᠬᠤᠷᠤᠭᠤ ᠪᠠᠨ ᠬᠤᠶᠠᠷ ᠰᠠᠨᠴᠢᠭ ᠤᠨ ᠬᠠᠵᠠᠭᠤ ᠶᠢᠨ ᠡᠰᠠᠷᠸ᠎ᠠ ᠳᠤ ᠲᠤᠯᠭᠠᠵᠤ᠂ ᠨᠦᠬᠦᠬᠡ ᠲᠦᠷᠪᠡᠨ ᠬᠤᠷᠤᠭᠤ ᠪᠠᠨ ᠲᠤᠰ ᠪᠦᠷᠢ ᠬᠦᠮᠦᠰᠬᠡ ᠲᠡᠭᠡᠨ ᠲᠤᠯᠭᠠᠵᠤ ᠲᠤᠷᠤᠬᠰᠢ ᠰᠠᠯᠭᠠᠨ ᠪᠦᠬᠦᠳᠡ 36 ᠤᠳᠠᠭ᠎ᠠ ᠰᠠᠮᠨᠠᠪᠠᠯ ᠲᠤᠯᠤᠭᠠᠢ ᠡᠪᠡᠳᠬᠦ ᠪᠠ ᠲᠤᠯᠤᠭᠠᠢ ᠡᠷᠬᠢᠬᠦ ᠶᠢ ᠨᠠᠮᠳᠠᠭᠤᠯᠬᠤ ᠦᠢᠯᠡᠳᠦᠯ ᠲᠠᠢ᠃ ᠬᠦᠯ ᠪᠠ ᠬᠡᠪᠡᠯᠢ ᠪᠠᠨ ᠢᠯᠢᠬᠦ᠄ ᠵᠡᠬᠦᠨ ᠭᠠᠷ ᠢᠶᠠᠷ ᠲᠤᠯᠤᠭᠠᠢ ᠶᠢᠨ ᠤᠷᠤᠢ ᠪᠠᠨ ᠲᠦᠰᠢᠵᠤ᠂ ᠲᠠᠪᠤᠨ ᠬᠤᠷᠤᠭᠤ ᠪᠠᠨ ᠰᠠᠯᠭᠠᠵᠤ᠂ ᠬᠦᠯ ᠭᠠᠷ ᠤᠨ ᠬᠤᠷᠤᠭᠤᠨ ᠰᠠᠯᠠᠭ᠎ᠠ ᠪᠠᠷ ᠬᠦᠩᠭᠡᠭᠡᠨ ᠢᠨᠴᠡᠳᠤᠨ 36 ᠤᠳᠠᠭ᠎ᠠ ᠢᠯᠢᠵᠤ᠂ ᠲᠠᠬᠢᠨ ᠨᠦᠬᠦᠬᠡ ᠭᠠᠷ ᠢᠶᠠᠷ ᠰᠤᠯᠢᠵᠤ ᠢᠡᠭᠬᠢᠵᠤ ᠬᠢᠪᠡᠯ ᠬᠤᠳᠤᠭᠤᠳᠤ ᠬᠡᠳᠡᠰᠦ ᠪᠤᠯᠤᠨ ᠠᠭᠤᠰᠬᠢ ᠶᠢᠨ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠤᠨ ᠦᠯᠦ ᠬᠠᠯᠳᠠᠭᠠᠬᠤ ᠴᠢᠳᠠᠪᠤᠷᠢ ᠶᠢ ᠲᠡᠭᠡᠭᠰᠢᠯᠡᠬᠦᠯᠦᠨ᠎ᠠ᠃ ᠬᠦᠯ ᠤᠨ ᠤᠯᠠ ᠪᠠᠨ ᠰᠢᠭᠢᠳᠦᠳᠡᠯ᠎ᠠ ᠳᠠᠷᠤᠬᠤ᠄ ᠬᠤᠶᠠᠷ ᠬᠦᠯ ᠢᠶᠠᠨ ᠬᠤᠮᠢᠵᠤ ᠲᠦᠪ ᠵᠠᠪᠢᠯᠠᠨ ᠰᠠᠭᠤᠵᠤ᠂ ᠬᠦᠯ ᠤᠨ ᠡᠷᠡᠬᠡᠢ ᠬᠤᠷᠤᠭᠤ ᠪᠤᠯᠤᠨ ᠲᠤᠮᠳᠠ ᠬᠤᠷᠤᠭᠤ ᠶᠢᠨ ᠬᠤᠭᠤᠷᠤᠨᠳᠤ ᠪᠠᠭ᠋ᠠᠨ ᠡᠪᠡᠳᠳᠡᠯ᠎ᠠ ᠰᠢᠬᠢᠳᠦᠳᠡᠯ᠎ᠡ ᠴᠢᠮᠬᠢᠨ᠎ᠠ᠃ ᠢᠡᠭᠬᠢᠬᠦ ᠨᠢ ᠪᠠᠶ᠎ᠠ ᠶᠢ ᠴᠢᠬᠢᠷᠠᠬᠵᠢᠭᠤᠯᠬᠤ ᠪᠦᠬᠡᠳ ᠬᠢᠵᠤ ᠬᠦᠢᠴᠡᠳᠬᠡᠬᠦ ᠳᠤ ᠬᠢᠯᠪᠠᠷ ᠲᠦᠬᠦᠮ ᠪᠠᠶᠢᠳᠠᠭ᠃ ᠲᠦᠷᠪᠠ᠂ ᠤᠨᠳᠠᠬᠤ ᠠᠴᠠ ᠪᠠᠨ ᠡᠮᠦᠨ᠎ᠠ ᠬᠠᠯᠠᠭᠤᠨ ᠤᠰᠤᠨ ᠳᠤ ᠪᠠᠶ᠎ᠠ ᠪᠠᠨ ᠤᠬᠢᠶᠠᠬᠤ       ᠬᠠᠯᠠᠭᠤᠨ ᠤᠰᠤᠨ ᠳᠤ ᠪᠠᠶ᠎ᠠ ᠪᠠᠨ ᠤᠬᠢᠶᠠᠬᠤ ᠨᠢ ᠪᠠᠶ᠎ᠠ ᠰᠡᠳᠬᠢᠯ ᠨᠢ ᠲᠠᠩᠴᠤ ᠶᠠᠳᠠᠷᠠᠬᠰᠠᠨ ᠬᠦᠮᠦᠰ ᠲᠤ ᠮᠠᠰᠢ ᠵᠤᠬᠢᠷᠠᠳᠠᠭ᠃ ᠢᠡᠭᠬᠢᠬᠦ ᠨᠢ ᠪᠠᠶ᠎ᠠ ᠮᠠᠬᠠᠪᠤᠳ ᠪᠤᠯᠤᠨ ᠰᠡᠳᠬᠢᠯ ᠰᠠᠨᠠᠭᠠᠨ ᠤ ᠬᠤᠤᠰ ᠲᠠᠷᠤᠯᠳᠠ ᠶᠢ ᠬᠦᠡᠭᠭᠡᠷᠡᠬᠦᠯᠵᠤ᠂ ᠤᠨᠳᠠᠯᠭ᠎ᠠ ᠶᠢᠨ ᠴᠢᠨᠡᠷ ᠢ ᠰᠠᠶᠢᠵᠢᠷᠠᠭᠤᠯᠬᠤ ᠳᠤ ᠮᠠᠰᠢ ᠰᠠᠶᠢᠨ ᠦᠷ᠎ᠠ ᠳ᠋ᠦᠡᠭ ᠲᠠᠢ ᠪᠠᠶᠢᠳᠠᠭ᠃ ᠡᠬᠦᠨ ᠠᠴᠠ ᠭᠠᠳᠠᠨ᠎ᠠ ᠬᠠᠯᠠᠭᠤᠨ ᠤᠰᠤᠨ ᠳᠤ ᠪᠠᠶ᠎ᠠ ᠪᠠᠨ ᠤᠬᠢᠶᠠᠬᠤ ᠳᠠᠭᠠᠨ ᠠᠷᠤ ᠲᠤᠬᠤ ᠪᠤᠯᠤᠨ ᠬᠦᠵᠦᠬᠦᠦ ᠪᠠᠨ ᠬᠦᠡᠭᠭᠡᠭᠡᠨ ᠠᠯᠠᠭᠠᠳᠠᠪᠠᠯ ᠪᠤᠯᠴᠢᠩ ᠰᠢᠷᠪᠤᠰᠤ ᠶᠢ ᠠᠮᠤᠷᠵᠢᠭᠤᠯᠵᠤ᠂ ᠬᠦᠵᠦᠬᠦᠨ ᠪᠤᠯᠴᠢᠩ ᠤᠨ ᠵᠠᠩᠬᠢᠷᠠᠯ ᠢ ᠠᠯᠳᠠᠷᠠᠭᠠᠬᠤ ᠪᠦᠬᠡᠳ ᠪᠠᠰᠠ ᠠᠷᠠᠰᠤᠨ ᠰᠦᠪᠡ ᠶᠢ ᠲᠡᠯᠡᠵᠤ᠂ ᠠᠷᠤ ᠲᠤᠬᠤ ᠶᠢᠨ ᠴᠢᠰᠦᠨ ᠤ ᠬᠠᠨᠭ᠍ᠭᠠᠯᠭ᠎ᠠ ᠶᠢ ᠨᠡᠮᠡᠭᠳᠡᠬᠦᠯᠵᠤ᠂ ᠲᠤᠯᠤᠭᠠᠢ ᠡᠷᠭᠢᠬᠦ᠂ ᠲᠤᠯᠤᠭᠠᠢ ᠡᠪᠡᠳᠬᠦ ᠶᠢ ᠴᠤ ᠨᠠᠮᠳᠠᠭᠤᠯᠬᠤ ᠦᠢᠯᠡᠳᠦᠯ ᠲᠠᠢ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号