ᠥᠪᠥᠷ ᠮᠣᠩᠭᠤᠯ ᠤᠨ ᠬᠥᠯᠥᠨ ᠪᠤᠶᠢᠷ᠄ ᠣᠯᠠᠨ ᠠᠷᠭ᠎ᠠ ᠬᠡᠮᠵᠢᠶ᠎ᠡ ᠠᠪᠴᠤ ᠵᠣᠭᠠᠴᠠᠯ ᠤᠨ ᠣᠶᠢᠯᠡᠰ  ᠤᠨ ᠰᠡᠷᠬᠦᠭᠡᠯᠳᠠ ᠶᠢ ᠠᠬᠢᠭᠤᠯᠪᠠ
ᠨᠡᠶᠢᠲᠡᠯᠡᠭᠰᠡᠨ ᠴᠠᠭ᠄
2020/7/27
  ᠲᠡᠯᠭᠡᠷ ᠵᠤᠨ ᠤ  ᠳᠣᠯᠣᠭᠠᠨ ᠰᠠᠷ᠎ᠠ  ᠬᠥᠯᠥᠨ ᠪᠦᠷ ᠤᠨ ᠲᠠᠯ᠎ᠠ ᠨᠤᠲᠤᠭ  ᠵᠣᠭᠠᠴᠠᠯ ᠤᠨ ᠬᠥᠭᠵᠢᠶᠡᠨᠲᠡᠢ ᠤᠯᠠᠷᠢᠯ ᠢᠶᠠᠨ ᠣᠭᠳᠣᠪᠠ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠯᠥᠨ ᠪᠤᠶᠢᠷ ᠬᠤᠲᠠ ᠶᠢᠨ ᠴᠢᠩᠭᠢᠰ ᠬᠠᠭᠠᠨ ᠤ ᠠᠭᠤᠳᠠᠮ ᠲᠠᠯᠠᠪᠠᠢ ᠳᠤ  ᠪᠣᠳᠠᠰ ᠤᠨ ᠪᠤᠰᠤ  ᠰᠣᠶᠣᠯ ᠤᠨ ᠥᠪ᠂ ᠰᠣᠶᠣᠯ ᠤᠨ ᠰᠢᠨ᠎ᠡ ᠡᠭᠦᠳᠦᠯᠲᠡ᠂ ᠲᠠᠷᠢᠶᠠᠯᠠᠩ ᠤᠨ ᠪᠦᠲᠦᠭᠡᠭᠳᠡᠬᠦᠨ  ᠂ ᠡᠸᠡᠩᠬᠢ ᠦᠨᠳᠦᠰᠦᠲᠡᠨ ᠤ ᠣᠨᠴᠠᠯᠢᠭᠲᠤ ᠬᠤᠪᠴᠠᠰᠤ ᠵᠠᠰᠠᠯ᠂ ᠤᠯᠠᠮᠵᠢᠯᠠᠯᠲᠤ ᠰᠦ ᠢᠳᠡᠭᠡᠨ᠂ ᠴᠠ ᠪᠤᠭᠤ ᠰᠣᠶᠣᠯ ᠤᠨ ᠡᠭᠦᠳᠦᠯᠲᠡ ᠶᠢᠨ ᠲᠣᠭᠯᠠᠭᠠᠮ  ᠵᠡᠷᠭᠡ ᠡᠯ᠎ᠡ ᠲᠥᠷᠥᠯ ᠤᠨ ᠦᠵᠡᠭᠦᠯᠦᠯᠭᠡ ᠶᠢᠨ ᠡᠳ᠋ ᠲᠯᠭᠡᠭᠳᠡᠵᠥ᠂ ᠣᠷᠤᠢ ᠳᠠᠭᠠᠨ ᠪᠠᠰᠠ ᠤᠯᠠᠭᠠᠨᠮᠥ᠋ᠴᠢᠷ ᠤᠨ ᠲᠣᠭᠯᠠᠯᠲᠠ  ᠭᠠᠷᠭᠠᠨ᠂ ᠮᠠᠰᠢ ᠣᠯᠠᠨ ᠵᠤᠭᠠᠴᠠᠭᠰᠠᠳ ᠤᠨ ᠠᠩᠬᠠᠷᠤᠯ ᠢ  ᠲᠠᠳᠠᠵᠣ  ᠪᠠᠶᠢᠨ᠎ᠠ᠃      ᠡᠨᠡ ᠪᠣᠯ ᠬᠥᠯᠥᠨ ᠪᠤᠶᠢᠷ ᠬᠤᠲᠠ ᠶᠢᠨ ᠣᠶᠢᠷ᠎ᠠ ᠳᠤ ᠥᠷᠨᠢᠭᠦᠯᠦᠭᠰᠡᠨ ᠰᠣᠳᠣᠨ ᠲᠣᠭᠯᠠᠯᠲᠠ᠂ ᠰᠣᠶᠣᠯ ᠤᠨ ᠡᠭᠦᠳᠦᠯᠲᠡ᠂ ᠪᠣᠳᠠᠰ ᠤᠨ ᠪᠤᠰᠤ ᠰᠣᠶᠣᠯ ᠤᠨ ᠥᠪ ᠤᠨ ᠦᠵᠡᠭᠦᠯᠦᠯᠭᠡ ᠶᠢᠨ ᠠᠵᠢᠯᠯᠠᠭ᠎ᠠ ᠪᠣᠯᠤᠨ᠎ᠠ᠃ ︽ᠡᠨᠡ ᠵᠢᠯ ᠠᠴᠠ ᠨᠠᠰᠢ᠂ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ  ᠤᠨ ᠪᠠᠶᠢᠳᠠᠯ  ᠳᠤ ᠵᠣᠭᠠᠴᠠᠯ ᠤᠨ ᠣᠶᠢᠯᠡᠰ ᠢᠯᠡᠳᠲᠡ ᠲᠠᠭᠠᠷᠢᠯᠲᠠ ᠳᠤ ᠣᠴᠠᠷᠠᠭᠰᠠ ᠪᠠᠶᠢᠨ᠎ᠠ  ᠃ ᠬᠥᠯᠥᠨ ᠪᠤᠶᠢᠷ ᠬᠤᠲᠠ ᠶᠢᠨ ᠰᠣᠶᠣᠯ  ᠵᠣᠭᠠᠴᠠᠯ ᠷᠠᠳᠢᠣ᠋ ᠲᠧᠯᠸᠢᠰ ᠤᠨ ᠲᠣᠪᠴᠢᠶᠠᠨ ᠤ ᠳᠠᠷᠤᠭ᠎ᠠ ᠴᠢ  ᠳ᠋ᠢᠶᠠᠨ  ᠯᠢ   ᠬᠡᠯᠡᠬᠦ ᠳᠡᠭᠡᠨ᠂  ᠵᠣᠭᠠᠴᠠᠯ ᠤᠨ ᠣᠶᠢᠯᠡᠰ ᠢ ᠪᠦᠬᠦ ᠲᠠᠯ᠎ᠠ ᠪᠠᠷ ᠰᠡᠷᠭᠦᠭᠡᠨ ᠬᠥᠭᠵᠢᠭᠦᠯᠬᠦ ᠶᠢᠨ ᠲᠥᠯᠥᠭᠡ ᠬᠥᠯᠥᠨ ᠪᠤᠶᠢᠷ  ᠬᠤᠲᠠ ᠣᠯᠠᠨ ᠠᠷᠭ᠎ᠠ ᠬᠡᠮᠵᠢᠶ᠎ᠡ ᠠᠪᠴᠤ  ᠵᠣᠭᠠᠴᠠᠭᠰᠠᠳ  ᠤᠨ ᠲᠤᠭ᠎ᠠ  ᠶᠢ ᠳᠡᠭᠡᠭᠰᠢᠯᠡᠭᠦᠯᠵᠦ᠂ ᠦᠵᠡᠮᠵᠢ ᠶᠢᠨ ᠣᠷᠣᠨ ᠢ ᠬᠠᠪᠰᠤᠷᠤᠨ ᠬᠦᠴᠢᠷ  ᠪᠡᠷᠬᠡᠰᠢᠶᠠᠯ ᠢ ᠢᠯᠠᠨ  ᠲᠠᠪᠠᠭᠰᠨ ᠪᠠᠶᠢᠨ᠎ᠠ  ᠬᠡᠵᠠᠢ᠃        ᠬᠢᠵᠢᠭ ᠤᠨ ᠪᠠᠶᠢᠳᠠᠯ ᠢ  ᠰᠡᠷᠬᠡᠶᠢᠯᠡᠨ ᠬᠤᠷᠢᠭᠯᠠᠬᠤ ᠬᠤᠭᠤᠴᠠᠭᠠᠨ ᠳᠤ ᠭᠠᠳᠠᠷ ᠣᠷᠣᠨ ᠤ ᠵᠤᠭᠠᠴᠠᠭᠰᠠᠳ ᠴᠥᠭᠡᠨ ᠪᠤᠯᠤᠬᠰᠠᠨ ᠪᠠᠶᠢᠲᠠᠯ ᠳᠤ ᠴᠢᠭᠯᠡᠬᠦᠯᠦᠨ᠂ ᠲᠤᠬᠠᠶ ᠶᠢᠨ ᠭᠠᠵᠠᠷ ᠤᠨ ᠬᠢᠨ ︽ᠬᠥᠯᠥᠨ ᠪᠤᠶᠢᠷ ᠤᠨ ᠬᠦᠮᠣᠰ ᠬᠥᠯᠥᠨ ᠪᠤᠶᠢᠷ ᠢᠶᠠᠷ ᠵᠤᠭᠠᠴᠠᠬᠤ︾  ᠪᠠ  ᠭᠠᠷᠠᠭ ᠤᠨ ᠰᠡᠭᠦᠯᠴᠢ  ᠶᠢᠨ  2.5 ᠡᠳᠦᠷ ᠤᠨ ᠬᠠᠷᠢᠮᠠᠬᠠᠶ ᠴᠢᠨᠠᠷᠲᠠᠶ ᠠᠮᠠᠷᠠᠯᠲᠠ ᠶᠢᠨ  ᠲᠦᠷᠢᠮ ᠢ ᠬᠡᠷᠡᠭᠵᠢᠭᠦᠯᠵᠦ᠂  ᠵᠣᠭᠠᠴᠠᠯ  ᠂ ᠢᠳᠡᠭᠡᠨ ᠤᠮᠳᠠᠭᠠᠨ ᠤ ᠬᠡᠷᠡᠭᠯᠡᠭᠡᠨ ᠤ  ᠲᠡᠮᠳᠡᠭ ᠢ  ᠲᠠᠷᠬᠠᠭᠠᠵᠤ᠂ ᠡᠯ᠎ᠡ ᠶᠡᠭᠡ ᠦᠵᠡᠮᠵᠢᠳᠣ ᠣᠷᠣᠨ ᠨᠢ ᠪᠠᠰᠠ  ᠬᠠᠷᠠᠭᠠᠯᠵᠠᠯ ᠲᠠᠢ ᠪᠣᠷᠣᠯᠠᠭᠤᠯᠭ᠎ᠠ ᠶᠢ ᠠᠬᠢᠭᠤᠯᠬᠤ ᠠᠵᠢᠯᠯᠠᠭ᠎ᠠ   ᠶᠢ  ᠵᠠᠯᠭ᠎ᠠ  ᠪᠠᠷ  ᠶᠠᠪᠣᠭᠳᠠᠭᠤᠯᠪᠠ  ᠃         ᠭᠡᠭᠡᠨ ᠭᠤᠣᠯ ᠬᠤᠲᠠ ᠶᠢᠨ ᠤᠯᠭᠤᠶᠠ ᠶᠢᠨ ᠴᠠ ᠪᠤᠭᠤ ᠶᠢᠨ ᠦᠵᠡᠮᠵᠢ   ᠶᠢ ᠰᠣᠨᠢᠷᠬᠠᠬᠤ ᠭᠠᠵᠠᠷ ᠲᠤ ᠴᠠ ᠪᠤᠭᠤ ᠶᠢᠨ ᠰᠣᠶᠣᠯ  ᠢ ᠣᠶᠢᠯᠠᠭᠠᠬᠤ ᠪᠠᠷ ᠢᠷᠡᠭᠰᠡᠨ ᠵᠣᠭᠠᠴᠠᠭᠰᠠᠳ ᠮᠡᠳᠡᠭᠳᠡᠮ᠎ᠡ  ᠨᠡᠮᠡᠭᠲᠡᠪᠡ  ᠂  ︽ᠵᠠᠰᠠᠭ ᠤᠨ ᠣᠷᠳᠣᠨ ᠠᠴᠠ ᠬᠥᠯᠥᠨ ᠪᠤᠶᠢᠷ ᠤᠨ ᠬᠥᠮᠦᠰ  ᠬᠥᠯᠥᠨ ᠪᠤᠶᠢᠷ   ᠲᠤ ᠪᠠᠨ  ᠪᠦᠷ ᠢᠶᠠᠷ ᠵᠤᠭᠠᠴᠠᠬᠤ ᠶᠢ ᠰᠠᠨᠠᠭᠠᠴᠢᠯᠠᠵᠤ  ᠪᠠᠶᠢᠨ᠎ᠠ᠂ ᠪᠠᠰᠠ ᠡᠭᠦᠳᠡᠨ ᠪᠢᠯᠧᠲ ᠤᠨ ᠬᠠᠷᠠᠭᠠᠯᠵᠠᠯ ᠲᠠᠢ  ᠂ ᠣᠯᠳᠠᠰᠢ ᠦᠭᠡᠢ ᠵᠠᠪᠰᠢᠶᠠᠨ  ᠶᠤᠮ᠂ ᠮᠢᠨᠦ ᠦᠵᠡᠬᠦ ᠪᠠᠷ ᠣᠨᠴᠠᠭᠠᠢ ᠰᠠᠶᠢᠨ  ᠣᠴᠢᠷ︾  ᠬᠡᠵᠣ  ᠬᠥᠯᠥᠨ ᠪᠤᠶᠢᠷ ᠬᠤᠳᠠ ᠠᠴᠠ ᠢᠷᠡᠭᠰᠡᠨ 74 ᠨᠠᠰᠤᠲᠠᠢ ᠵᠤᠭᠠᠴᠠᠭᠴᠢ ᠯᠢ ᠠᠪᠤᠭᠠᠢ ᠬᠡᠯᠡᠨ᠎ᠡ  ᠃   ᠬᠥᠯᠥᠨ ᠪᠤᠶᠢᠷ ᠬᠤᠲᠠ ᠪᠠᠰᠠ ᠰᠦᠯᠵᠢᠶᠡᠨ ᠤ ᠤᠬᠠᠭᠤᠯᠭ᠎ᠠ ᠶᠢᠨ ᠠᠷᠭ᠎ᠠ ᠵᠠᠮ ᠢ ᠠᠰᠢᠭᠯᠠᠨ᠂  ᠵᠣᠭᠠᠴᠠᠯ ᠤᠨ ᠤᠬᠠᠭᠤᠯᠤᠨ ᠲᠠᠨᠢᠯᠴᠠᠭᠤᠯᠬᠤ ᠡᠷᠴᠢᠮ ᠢᠶᠠᠨ ᠴᠢᠩᠭᠠᠷᠠᠭᠤᠯᠪᠠ᠃ ᠦᠷ᠎ᠡ ᠳᠤ ᠬᠤᠷᠠᠯᠳᠤᠭᠰᠠᠨ ᠬᠥᠯᠥᠨ ᠪᠤᠶᠢᠷ ᠤᠨ ᠵᠤᠨ ᠤ ᠤᠯᠠᠷᠢᠯ ᠤᠨ ᠵᠣᠭᠠᠴᠠᠯ ᠤᠨ  ᠰᠦᠯᠵᠢᠶᠡᠨ ᠤ ᠰᠣᠨᠢᠨ ᠮᠡᠳᠡᠭᠡ ᠨᠡᠶᠢᠲᠡᠯᠡᠬᠦ  ᠬᠤᠷᠠᠯ ᠨᠢ ︽ᠮᠢᠩᠭᠠᠨ ᠠᠭᠤᠯᠠ ᠲᠦᠮᠡᠨ ᠤᠰᠤ   ᠪᠠᠷ ᠶᠠᠪᠣᠭᠰᠠᠨ  ᠴᠦ  ᠬᠥᠯᠥᠨ ᠪᠤᠶᠢᠷ  ᠮᠠᠨᠢ ᠬᠠᠮᠤᠭ ᠠᠴᠠ  ᠰᠠᠶᠢᠬᠠᠨ︾ ᠭᠡᠳᠡᠭ ᠢᠶᠠᠷ ᠭᠤᠤᠯ ᠰᠡᠳᠦᠪ ᠪᠣᠯᠭᠠᠵᠤ᠂ 2020 ᠣᠨ ᠤ ᠬᠥᠯᠥᠨ ᠪᠤᠶᠢᠷ ᠤᠨ ᠵᠣᠨ ᠤ  ᠤᠯᠠᠷᠢᠯ ᠤᠨ ᠰᠣᠶᠣᠯ ᠪᠠ  ᠵᠣᠭᠠᠴᠠᠯ +  ᠣᠶᠢᠯᠡᠳᠬᠦᠨ ᠤ ᠠᠭᠤᠰᠤᠯᠴᠠᠯ   ᠶᠢ  ᠰᠦᠯᠵᠢᠶ᠎ᠡ ᠪᠠᠷ  ᠨᠡᠶᠢᠳᠡᠯᠭᠰᠡᠨ ᠪᠦᠬᠡᠳ  ᠰᠢᠨᠬᠤᠸᠠ ᠬᠤᠷᠢᠶᠠᠨ ᠤ ᠲᠤᠬᠠᠢ ᠶᠢᠨ ᠲᠠᠯᠠᠪᠠᠢ ᠶᠢᠨ  ᠨᠡᠪᠡᠷᠡᠬᠦᠯᠭᠡ  ᠂ ᠲᠥᠪ ᠲᠧᠯᠸᠢᠰ ᠤᠨ ᠰᠣᠨᠢᠨ ᠮᠡᠳᠡᠭᠡᠨ ᠤ ᠰᠢᠯᠵᠢᠮᠡᠯ  ᠰᠦᠯᠵᠢᠶ᠎ᠡ  ᠂ ᠳᠡᠯᠡᠬᠡᠢ ᠳ᠋ᠠᠬᠢᠨ ᠲᠠ ᠰᠠᠶᠢᠨ  ᠤᠤ᠂ ᠪᠢ ᠪᠣᠯ ᠥᠪᠥᠷ ᠮᠣᠩᠭᠤᠯ᠂  ᠰᠢᠶᠧ ᠲᠦᠩ ᠵᠤᠭᠠᠴᠠᠯ᠂ ᠥᠨᠥᠳᠦᠷ ᠤᠨ ᠲᠡᠷᠢᠭᠦᠨ  ᠮᠡᠳᠡᠭᠡ  ᠂  ᠳ᠋ᠧᠦ ᠶᠢᠨ  ᠵᠡᠷᠭᠡ 18 ᠰᠢᠭᠤᠳ ᠨᠡᠪᠳᠡᠷᠬᠦᠯᠬᠦ ᠲᠠᠪᠴᠠᠩ ᠢᠶᠠᠷ ᠳᠠᠮᠵᠢᠨ ᠲᠤᠬᠠᠢ ᠶᠢᠨ ᠲᠠᠯᠠᠪᠠᠢ ᠶᠢᠨ ᠪᠦᠬᠦ ᠶᠠᠪᠤᠴᠠ  ᠶᠢ  ᠰᠢᠭᠤᠳ  ᠨᠡᠪᠳᠡᠷᠡᠬᠦᠯᠪᠡ᠃ ᠬᠥᠯᠥᠨ ᠪᠣᠶᠢᠷ ᠬᠤᠲᠠ ᠶᠢᠨ ᠰᠣᠶᠣᠯ  ᠵᠣᠭᠠᠴᠠᠯ ᠷᠠᠳᠢᠣ᠋ ᠲᠧᠯᠸᠢᠰ ᠤᠨ ᠲᠣᠪᠴᠢᠶ᠎ᠠ ᠵᠡᠷᠭᠡ ᠡᠯ᠎ᠡ ᠪᠦᠷᠢᠯᠳᠦᠬᠦᠨ ᠨᠢᠭᠡᠴᠡ ᠶᠢᠨ ᠲᠦᠯᠣᠭᠡᠯᠡᠭᠴᠢ ᠲᠣᠰ ᠲᠣᠰ ᠬᠥᠯᠥᠨ  ᠪᠣᠶᠢᠷ  ᠤᠨ ᠵᠤᠨ ᠤ ᠤᠯᠠᠷᠢᠯ ᠤᠨ  ᠵᠣᠭᠠᠴᠠᠯ᠂ ᠪᠡᠶ᠎ᠡ ᠶᠢᠨ ᠲᠠᠮᠢᠷ + ᠵᠣᠭᠠᠴᠠᠯ᠂ ᠬᠤᠳᠠᠯᠳᠤᠭᠠᠨ ᠤ ᠶᠠᠪᠤᠳᠠᠯ + ᠵᠣᠭᠠᠴᠠᠯ᠂ ᠣᠢ ᠰᠢᠭᠤᠶ + ᠵᠣᠭᠠᠴᠠᠯ ᠪᠠ ᠬᠥᠯᠥᠨ  ᠪᠤᠶᠢᠷ ᠲᠡᠮᠳᠡᠭᠲᠦ ᠲᠠᠯ᠎ᠠ ᠨᠤᠲᠤᠭ ᠤᠨ ᠣᠢ ᠰᠢᠭᠤᠶ ᠶᠢᠨ ᠵᠣᠭᠠᠴᠠᠯ ᠤᠨ ᠭᠠᠯᠲᠤ ᠲᠡᠷᠭᠡ᠂ ᠬᠥᠯᠥᠨ ᠪᠤᠶᠢᠷ  ᠤᠨ  ᠪᠦᠯᠣᠭ᠍ᠯᠡᠯ ᠢ  ᠲᠠᠨᠢᠯᠴᠠᠭᠤᠯᠵᠣ᠂  ᠬᠥᠯᠥᠨ ᠪᠤᠶᠢᠷ ᠬᠤᠲᠠ ᠶᠢᠨ ᠰᠣᠶᠣᠯ ᠪᠠ ᠵᠣᠭᠠᠴᠠᠯ ᠤᠨ ᠪᠦᠲᠦᠭᠡᠭᠳᠡᠬᠦᠨ ᠢ ᠪᠦᠬᠦ ᠲᠠᠯ᠎ᠠ ᠪᠠᠷ ᠤᠬᠠᠭᠤᠯᠤᠨ ᠲᠠᠨᠢᠯᠴᠠᠭᠤᠯᠵᠤ᠂ ᠬᠥᠯᠥᠨ ᠪᠤᠶᠢᠷ ᠬᠤᠲᠠ ᠶᠢᠨ ᠰᠣᠶᠣᠯ ᠵᠢᠭᠤᠯᠴᠢᠯᠠᠯ ᠤᠨ ᠨᠥᠯᠥᠭᠡᠯᠡᠬᠦ ᠬᠦᠴᠦᠨ ᠪᠠ ᠬᠠᠮᠤᠷᠬᠤ ᠬᠡᠪᠴᠢᠶ᠎ᠡ ᠶᠢ  ᠲᠠᠰᠣᠷᠠᠯᠳᠠ ᠥᠬᠡᠶ ᠦᠷᠬᠡᠳᠬᠡᠪᠡ᠃ᠵᠣᠬᠢᠶᠠᠭᠴᠢ᠄ ᠄ᠠᠨ ᠯᠦ ᠮᠧᠩ᠂ ᠾᠧ ᠱᠤ᠋ ᠴᠧᠨᠨᠠᠶᠢᠷᠠᠭᠤᠯᠤᠭᠴᠢ᠄ ᠴᠡᠴᠡᠭ
 
ᠢᠷᠡᠯᠲᠡ᠄ ᠬᠦᠯᠤᠨ ᠪᠤᠶᠢᠷ ᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号