ᠡᠷᠡᠭᠦᠯ ᠢᠳᠡᠭᠡᠨ ᠤᠮᠳᠠᠭᠠᠨ ᠡᠳ᠋ᠯᠡᠬᠦ ᠶᠢ ᠠᠩᠬᠠᠷᠤᠭᠰᠠᠨ ᠰᠠᠭᠤᠷᠢᠨ ᠳᠡᠭᠡᠷ᠎ᠡ ᠰᠢᠩᠭᠡᠭᠡᠨ ᠠᠪᠬᠤ ᠢᠯᠴᠢ ᠶᠢᠨ | ᠬᠡᠮᠵᠢᠶ᠎ᠠ ᠪᠠᠨ ᠳᠤᠬᠢᠳᠠᠢ ᠡᠵᠡᠮᠳᠡᠵᠦ ᠳᠡᠶᠢᠯᠬᠦ ᠪᠤᠯ ᠵᠢᠷᠦᠬᠡ ᠪᠠᠨ ᠬᠠᠮᠠᠭᠠᠯᠠᠬᠤ ᠰᠠᠶᠢᠨ ᠠᠷᠭ᠎ᠠ ᠪᠤᠯᠤᠨ᠎ᠠ᠃ | ᠠᠮᠧᠷᠢᠺᠠ ᠶᠢᠨ ᠵᠢᠷᠦᠭᠡᠨ ᠤ ᠨᠡᠶᠢᠭᠡᠮᠯᠢᠭ ᠤᠨ ᠬᠢᠨ ᠡᠳᠦᠷ ᠳᠤᠳᠤᠮ ᠤᠨ ᠬᠦᠨᠡᠰᠦᠨ ᠳᠡᠭᠡᠨ ᠢᠳᠡᠰᠢᠨ ᠨᠤᠭᠤᠭ᠎ᠠ᠂ | ᠵᠢᠮᠢᠰ᠂ ᠨᠠᠷᠢᠮᠤ ᠶᠢᠨ ᠳᠦᠷᠦᠯ ᠤᠨ ᠢᠳᠡᠭᠡᠨ᠂ ᠦᠭᠡᠬᠦ ᠶᠢᠨ ᠠᠭᠤᠯᠤᠭᠳᠠᠴᠠ ᠪᠠᠷ ᠪᠠᠭ᠎ᠠ ᠴᠠᠭᠠᠨ ᠢᠳᠡᠭᠡᠨ᠂ | ᠳᠡᠵᠢᠭᠡᠪᠦᠷᠢ ᠵᠢᠭᠦᠷᠳᠡᠨ ᠤ ᠮᠢᠬ᠎ᠠ ᠦᠨᠳᠡᠭᠡ᠂ ᠵᠢᠭᠠᠰᠤᠨ ᠮᠢᠬ᠎ᠠ᠂ ᠰᠠᠮᠤᠷ ᠢᠯᠡᠭᠦᠦ ᠢᠳᠡᠬᠦ᠋ᠢ ᠰᠠᠨᠠᠭᠤᠯᠤᠭᠰᠠᠭᠠᠷ | ᠢᠷᠡᠵᠡᠢ᠃ ᠳᠤᠤᠷ᠎ᠠ ᠪᠢᠳᠠ ᠠᠮᠧᠷᠢᠺᠠ ᠶᠢᠨ ᠵᠢᠷᠦᠭᠡᠨ ᠤ ᠨᠡᠶᠢᠭᠡᠮᠯᠢᠭ ᠤᠨ ᠰᠠᠨᠠᠭᠤᠯᠭ᠎ᠠ ᠳᠤ ᠰᠠᠭᠤᠷᠢᠯᠠᠨ 10 | ᠵᠦᠢᠯ ᠤᠨ ᠵᠢᠷᠦᠭᠡᠨ ᠳᠤ ᠳᠤᠰᠠᠳᠠᠢ ᠢᠳᠡᠭᠡᠨ ᠢ ᠳᠠᠨᠢᠯᠴᠠᠭᠤᠯᠤᠶ᠎ᠠ᠃ ᠤᠯᠠᠭᠠᠨ ᠠᠯᠮᠤᠷᠠᠳ ᠤᠯᠠᠭᠠᠨ ᠠᠯᠮᠤᠷᠠᠳ ᠲᠤ | ᠭᠤᠮ ᠤᠨ ᠰᠢᠷ᠎ᠠ ᠡᠳ᠋ ᠭᠡᠳᠡᠭ ᠨᠢᠭᠡ ᠵᠦᠢᠯ ᠤᠨ ᠤᠷᠭᠤᠮᠠᠯ ᠤᠨ ᠬᠢᠮᠢ ᠶᠢᠨ ᠡᠯᠧᠮᠧᠨ᠋ᠲ ᠠᠭᠤᠯᠳᠠᠭ᠂ ᠲᠡᠷᠡ ᠨᠢ | ᠪᠠᠶᠢᠭᠠᠯᠢ ᠶᠢᠨ ᠦᠷᠪᠢᠰᠦᠯ ᠢ ᠡᠰᠡᠷᠭᠦᠴᠡᠬᠦ ᠦᠢᠯᠡᠳᠦᠯ ᠲᠠᠢ ᠪᠠᠶᠢᠳᠠᠭ ᠪᠦᠭᠡᠳ ᠴᠢᠰᠦ ᠪᠦᠭᠡᠮᠨᠡᠷᠡᠬᠦ ᠶᠢ ᠴᠤ | ᠰᠡᠷᠭᠡᠶᠢᠯᠡᠬᠦ ᠦᠢᠯᠡᠳᠦᠯ ᠲᠠᠢ ᠪᠠᠶᠢᠵᠤ ᠮᠡᠳᠡᠨ᠎ᠠ᠃ ᠠᠯᠮᠤᠷᠠᠳ ᠲᠤ ᠶᠡᠷᠦᠨᠢ ᠸᠢᠲ᠋ᠠᠮᠢᠨ ᠪᠠ ᠰᠢᠷᠭᠡᠭᠯᠢᠭ ᠡᠯᠪᠡᠭ | ᠠᠭᠤᠯᠳᠠᠭ᠃ ᠠᠯᠮᠤᠷᠠᠳ ᠢ ᠬᠤᠰᠢᠭ᠎ᠠ ᠪᠤᠶᠤ ᠬᠦᠢᠯᠡᠰᠦᠨ ᠴᠦᠮ᠎ᠠ ᠲᠠᠢ ᠬᠤᠯᠢᠵᠤ ᠢᠳᠡᠪᠡᠯ ᠦᠢᠯᠡᠳᠦᠯ ᠨᠢ ᠨᠡᠩ | ᠰᠠᠶᠢᠨ ᠪᠠᠶᠢᠳᠠᠭ᠂ ᠶᠠᠷᠢᠶᠠᠨ ᠦᠭᠡᠢ ᠵᠢᠵᠢᠭᠯᠡᠵᠦ ᠭᠡᠷᠴᠢᠭᠡᠳ ᠰᠠᠯᠠᠳ᠋ ᠬᠢᠵᠦ ᠢᠳᠡᠭᠰᠡᠨ ᠴᠤ ᠪᠤᠯᠤᠨ᠎ᠠ᠃ ᠳᠠᠪᠬ᠎ᠠ | ᠵᠢᠭᠠᠰᠤ ᠳᠠᠪᠬ᠎ᠠ ᠵᠢᠭᠠᠰᠤ ᠳᠤ ᠦᠭᠡᠭᠦᠨ ᠬᠦᠴᠢᠯ ᠡᠯᠪᠡᠭ ᠠᠭᠤᠯᠤᠬᠳᠠᠳᠠᠭ᠂ ᠳᠡᠭᠡᠭᠡᠳ ᠭᠤᠤᠯᠳᠠᠭᠤ ᠦᠷᠪᠢᠰᠦᠯ | ᠡᠭᠦᠰᠬᠦ ᠪᠠ ᠴᠢᠰᠦ ᠪᠦᠭᠡᠮᠨᠡᠷᠡᠬᠦ ᠠᠶᠤᠯ ᠢ ᠪᠠᠭᠠᠰᠬᠠᠵᠤ ᠵᠢᠷᠦᠬᠡ ᠶᠢ ᠬᠠᠮᠠᠭᠠᠯᠠᠳᠠᠭ᠃ ᠦᠭᠡᠬᠦᠨ ᠬᠦᠴᠢᠯ ᠨᠢ ᠪᠠᠰᠠ | ᠡᠷᠡᠭᠦᠯ ᠰᠦᠰᠦᠨ ᠤ ᠴᠢᠯᠠᠭᠤᠯᠢᠬ ᠠᠯᠺᠤᠤᠯ ᠤᠨ ᠴᠢᠨᠠᠷ ᠢ ᠪᠠᠳᠤᠯᠠᠳᠠᠭ᠃ ᠭᠠᠷᠠᠭ ᠲᠤ ᠶᠠᠳᠠᠬᠤ ᠳᠠᠭᠠᠨ ᠬᠤᠶᠠᠷ | ᠤᠳᠠᠭ᠎ᠠ ᠳᠠᠪᠬ᠎ᠠ ᠵᠢᠭᠠᠰᠤ ᠪᠤᠶᠤ ᠰᠠᠷᠳᠢᠨ ᠵᠢᠭᠠᠰᠤ᠂ ᠰᠠᠷᠢᠶ᠎ᠠ ᠵᠢᠭᠠᠰᠤ ᠮᠡᠳᠦ ᠶᠢᠨ ᠭᠦᠨ ᠳᠠᠯᠠᠢ ᠶᠢᠨ ᠵᠢᠭᠠᠰᠤ | ᠢᠳᠡᠪᠡᠯ ᠰᠠᠶᠢᠨ᠃ ᠵᠢᠷᠦᠭᠡ ᠶᠢ ᠬᠠᠮᠠᠭᠠᠯᠠᠬᠤ ᠭᠤᠤᠯ ᠢᠳᠡᠭᠡᠨ ᠤ ᠬᠤᠪᠢ ᠳᠤ᠂ ᠳᠠᠪᠬ᠎ᠠ ᠵᠢᠭᠠᠰᠣ ᠶᠢ ᠰᠢᠷᠠᠵᠤ | ᠢᠳᠡᠵᠦ ᠪᠤᠯᠤᠨ᠎ᠠ᠃ ᠶᠠᠷᠢᠶᠠᠨ ᠦᠭᠡᠢ ᠢᠳᠡᠰᠢᠨ ᠨᠤᠭᠤᠭ᠎ᠠ ᠪᠠᠷ ᠬᠠᠪᠰᠤᠷᠭᠠᠬᠤ ᠴᠢᠬᠤᠯᠠᠳᠠᠢ᠂ ᠪᠠᠭ᠎ᠠ ᠰᠠᠭ᠎ᠠ | ᠰᠠᠯᠠᠳ᠋ ᠨᠡᠮᠡᠭᠰᠡᠨ ᠴᠤ ᠪᠤᠯᠤᠨ᠎ᠠ᠂ ᠭᠡᠬᠦ ᠳᠡᠭᠡᠨ ᠰᠠᠯᠠᠳ᠋ ᠲᠠᠭᠠᠨ ᠪᠠᠭ᠎ᠠ ᠰᠠᠭ᠎ᠠ ᠨᠢᠮᠪᠡᠭᠡ ᠶᠢᠨ ᠰᠢᠭᠦᠰᠦ ᠨᠡᠮᠡᠪᠡᠯ | ᠢᠯᠴᠢ ᠶᠢᠨ ᠬᠡᠮᠵᠢᠶ᠎ᠡ ᠶᠢ ᠪᠠᠭᠤᠷᠠᠭᠤᠯᠬᠤ ᠦᠢᠯᠡᠳᠦᠯ ᠲᠠᠢ ᠪᠠᠶᠢᠳᠠᠭ᠃ ᠬᠤᠰᠢᠭ᠎ᠠ ᠬᠤᠰᠢᠭ᠎ᠠ ᠳᠤ ᠳᠠᠩ ᠡᠰᠢᠳᠦ | ᠳᠤᠳᠠᠭᠤ ᠦᠭᠡᠬᠦᠨ ᠬᠦᠴᠢᠯ᠂ ᠸᠢᠲ᠋ᠠᠮᠢᠨ E ᠪᠠ ᠪᠤᠰᠤᠳ ᠡᠷᠡᠭᠦᠯ ᠰᠦᠰᠦᠨ ᠤ ᠴᠢᠯᠠᠭᠤᠯᠢᠬ ᠠᠯᠺᠤᠤᠯ ᠤᠨ | ᠴᠢᠨᠠᠷ ᠢ ᠪᠠᠳᠤᠯᠠᠬᠤ ᠪᠠᠶᠢᠭᠠᠯᠢ ᠶᠢᠨ ᠪᠤᠳᠠᠰ ᠢ ᠠᠭᠤᠯᠳᠠᠭ᠃ ᠬᠤᠰᠢᠭ᠎ᠠ ᠶᠢᠨ ᠪᠠᠰᠠ ᠨᠢᠭᠡ ᠳᠠᠪᠠᠭᠤᠯᠢᠬ ᠳᠠᠯ᠎ᠠ ᠨᠢ | ᠴᠢᠨᠠᠷ ᠰᠠᠶᠢᠳᠠᠢ ᠦᠭᠡᠬᠦᠨ ᠬᠦᠴᠢᠯ ᠤᠨ ᠭᠤᠤᠯ ᠢᠷᠡᠯᠳᠡ ᠪᠤᠯᠬᠤ ᠢᠳᠡᠭᠡᠨ ᠪᠠᠶᠢᠭ᠎ᠠ ᠳᠤ ᠤᠷᠤᠰᠢᠨ᠎ᠠ᠃ ᠠᠯᠮᠤᠷᠠᠳ | ᠂ ᠬᠤᠰᠢᠭ᠎ᠠ ᠶᠢ ᠬᠠᠪᠰᠤᠷᠭᠠᠬᠤ ᠪᠤᠯ ᠵᠢᠷᠦᠭᠡ ᠶᠢ ᠬᠠᠮᠠᠭᠠᠯᠠᠬᠤ ᠳᠤᠩ ᠰᠠᠶᠢᠨ ᠢᠳᠡᠭᠡᠨ ᠪᠤᠯᠤᠨ᠎ᠠ᠂ ᠡᠷᠳᠡ ᠶᠢᠨ | ᠬᠤᠭᠤᠯᠠᠨ ᠳᠠᠭᠠᠨ ᠢᠳᠡᠪᠡᠯ ᠨᠤᠬᠠᠢ ᠶᠢᠨ ᠬᠤᠰᠢᠭᠤ ᠳᠠᠭᠠᠨ ᠬᠤᠯᠢᠴᠠ ᠪᠤᠯᠭᠠᠵᠤ ᠪᠤᠯᠤᠨ᠎ᠠ᠃ ᠳᠡᠭᠡᠷ᠎ᠡ ᠨᠢ ᠪᠠᠭ᠎ᠠ | ᠰᠠᠭ᠎ᠠ ᠵᠦᠭᠡᠢ ᠶᠢᠨ ᠪᠡᠯ ᠨᠡᠮᠡᠭᠰᠡᠨ ᠴᠤ ᠶᠠᠭᠠᠬᠢᠬᠤᠪ᠃ ᠰᠦᠳᠠᠢ ᠵᠢᠮᠢᠰ ᠰᠦᠳᠠᠢ ᠵᠢᠮᠢᠰ ᠲᠤ ᠳᠠᠩ ᠡᠰᠢᠳᠦ | ᠳᠤᠳᠠᠭᠤ ᠦᠭᠡᠬᠦᠨ ᠬᠦᠴᠢᠯ ᠡᠯᠪᠡᠭ ᠠᠭᠤᠯᠳᠠᠭ᠂ ᠪᠠᠰᠠ ᠰᠦᠳᠠᠢ ᠵᠢᠮᠢᠰ ᠲᠤ ᠸᠢᠲ᠋ᠠᠮᠢᠨ ᠪᠠ ᠤᠷᠭᠤᠮᠠᠯ ᠤᠨ ᠡᠳ᠋ | ᠡᠯᠪᠡᠭ ᠠᠭᠤᠯᠳᠠᠭ ᠪᠤᠯᠬᠤᠷ ᠦᠯᠦ ᠢᠰᠦᠯᠳᠦᠬᠦᠯᠬᠦ ᠦᠢᠯᠡᠳᠦᠯ ᠭᠠᠷᠭᠠᠵᠤ ᠵᠢᠷᠦᠭᠡ ᠶᠢ ᠬᠠᠮᠠᠭᠠᠯᠠᠳᠠᠭ᠃ ᠲᠦᠪᠡᠳ | ᠬᠠᠰᠢ ᠳᠦᠪᠡᠳ ᠬᠠᠰᠢ ᠳᠤ ᠸᠢᠲ᠋ᠠᠮᠢᠨ ᠡᠯᠪᠡᠭ ᠠᠭᠤᠯᠳᠠᠭ᠂ ᠳᠦᠪᠡᠳ ᠬᠠᠰᠢ ᠶᠢᠨ ᠪᠦᠲᠦᠭᠡᠭᠳᠡᠭᠦᠨ ᠳᠤ ᠴᠤ | ᠳᠦᠪᠡᠳ ᠬᠠᠰᠢ ᠶᠢᠨ ᠤᠯᠠᠭᠠᠨ ᠡᠳ᠋ ᠡᠯᠪᠡᠭ ᠠᠭᠤᠯᠳᠠᠭ᠃ ᠳᠠᠨ ᠤ ᠡᠳᠦᠷ ᠳᠤᠳᠤᠮ ᠤᠨ ᠢᠳᠡᠭᠡᠨ ᠤ ᠴᠢᠨᠢ ᠦᠯᠦ | ᠢᠰᠦᠯᠳᠦᠭᠦᠯᠬᠦ ᠡᠳ᠋ ᠬᠠᠷᠢᠴᠠᠩᠭᠤᠢ ᠪᠠᠭ᠎ᠠ ᠪᠠᠶᠢᠬᠤ ᠪᠤᠶᠤ ᠬᠦᠷᠦᠯᠴᠡᠭᠡ ᠮᠠᠭᠤᠳᠠᠢ ᠪᠠᠶᠢᠪᠠᠯ᠂ ᠳᠦᠪᠡᠳ ᠬᠠᠰᠢ | ᠢᠯᠡᠭᠦᠦ ᠢᠳᠡᠪᠡᠯ ᠮᠦᠨ ᠵᠢᠷᠦᠭᠡ ᠶᠢ ᠬᠠᠮᠠᠭᠠᠯᠠᠬᠤ ᠦᠢᠯᠡᠳᠦᠯ ᠦᠵᠡᠭᠦᠯᠬᠦ ᠶᠤᠰᠤᠳᠠᠢ᠃ ᠳᠦᠪᠡᠳ ᠬᠠᠰᠢ ᠶᠢ | ᠳᠦᠭᠦᠭᠡᠢ ᠪᠠᠷ᠂ ᠪᠤᠯᠭᠤᠵᠤ ᠢᠳᠡᠵᠦ ᠪᠦᠷ ᠪᠤᠯᠤᠨ᠎ᠠ᠂ ᠳᠦᠪᠡᠳ ᠬᠠᠰᠢ ᠶᠢᠨ ᠵᠢᠶᠠᠩ ᠢ ᠴᠤ ᠡᠳᠦᠷ ᠳᠤᠳᠤᠮ | ᠢᠳᠡᠵᠦ ᠪᠤᠯᠤᠨ᠎ᠠ᠃ ᠤᠯᠠᠭᠠᠨ ᠠᠷᠢᠬᠢ ᠤᠯᠠᠭᠠᠨ ᠠᠷᠢᠬᠢᠨ ᠳᠤ ᠠᠭᠤᠯᠳᠠᠭ ᠡᠯᠪᠡᠭ ᠹᠧᠨᠤᠯ ᠨᠢ ᠵᠢᠷᠦᠭᠡᠨ ᠳᠤ | ᠰᠠᠶᠢᠨ ᠳᠠᠯ᠎ᠠ ᠲᠠᠢ᠂ ᠭᠡᠪᠡᠴᠦ ᠬᠡᠮᠵᠢᠶ᠎ᠠ ᠲᠠᠢ ᠤᠤᠭᠤᠬᠤ ᠭᠡᠷᠡᠭᠳᠡᠢ᠃ ᠨᠢᠭᠡ ᠬᠦᠮᠦᠨ ᠡᠳᠦᠷ ᠲᠤ ᠵᠦᠪᠬᠡᠨ ᠪᠠᠭ᠎ᠠ | ᠯᠡ ᠬᠡᠮᠵᠢᠶᠠᠨ ᠤ ᠤᠯᠠᠭᠠᠨ ᠠᠷᠢᠬᠢ ᠤᠤᠭᠤᠪᠠᠯ ᠬᠠᠮᠤᠭ ᠰᠠᠶᠢᠨ᠃ ᠨᠤᠬᠠᠢ ᠶᠢᠨ ᠬᠤᠰᠢᠭᠤ ᠨᠤᠬᠠᠢ ᠶᠢᠨ | ᠬᠤᠰᠢᠭᠤ ᠳᠤ ᠨᠢᠭᠡ ᠵᠦᠢᠯ ᠤᠨ ᠦᠵᠦᠮ ᠤᠨ ᠪᠦᠭᠡᠮᠨᠡᠷᠡᠯ ᠰᠢᠬᠢᠷ ᠭᠡᠳᠡᠭ ᠠᠭᠤᠰᠤᠮᠠᠳᠠᠭᠠᠢ ᠰᠢᠷᠭᠡᠭᠯᠢᠭ ᠠᠭᠤᠯᠳᠠᠭ᠂ | ᠳᠡᠷᠡ ᠨᠢ ᠰᠦᠰᠦᠨ ᠤ ᠴᠢᠯᠠᠭᠤᠯᠢᠬ ᠠᠯᠺᠤᠤᠯ ᠢ ᠪᠠᠭᠠᠰᠬᠠᠳᠠᠭ ᠢᠶᠠᠷ ᠪᠠᠷᠠᠬᠤ ᠦᠭᠡᠢ᠂ ᠰᠢᠩᠭᠡᠭᠡᠯᠳᠡ ᠶᠢᠨ | ᠰᠢᠰᠲ᠋ᠧᠮ ᠤᠨ ᠡᠷᠡᠭᠦᠯ ᠮᠡᠨᠳᠦ ᠶᠢ ᠬᠠᠮᠠᠭᠠᠯᠠᠳᠠᠭ᠃ ᠨᠤᠬᠠᠢ ᠶᠢᠨ ᠬᠤᠰᠢᠭᠤ ᠳᠤ ᠪᠠᠭ᠎ᠠ ᠬᠡᠮᠵᠢᠶᠡᠨ ᠤ ᠪᠤᠷᠠᠮ ᠪᠠ | ᠬᠤᠰᠢᠭ᠎ᠠ ᠨᠡᠮᠡᠵᠦ ᠡᠷᠳᠡ ᠶᠢᠨ ᠬᠤᠭᠤᠯᠠ ᠪᠤᠯᠭᠠᠵᠤ ᠪᠤᠯᠤᠨ᠎ᠠ᠃ ᠬᠠᠷᠢᠨ ᠰᠢᠬᠢᠷ ᠤᠨ ᠠᠭᠤᠯᠤᠭᠳᠠᠴᠠ ᠪᠠᠷ ᠭᠡᠳᠦ | ᠦᠨᠳᠦᠷ ᠨᠤᠬᠠᠢ ᠶᠢᠨ ᠬᠤᠰᠢᠭᠤ ᠶᠢ ᠰᠤᠩᠭᠤᠵᠤ ᠪᠤᠯᠬᠤ ᠦᠭᠡᠢ᠃ ᠨᠤᠭᠤᠭᠠᠨ ᠨᠠᠪᠴᠢᠳᠤ ᠢᠳᠡᠰᠢᠨ ᠨᠤᠭᠤᠭ᠎ᠠ | ᠨᠤᠭᠤᠭᠠᠨ ᠨᠠᠪᠴᠢᠲᠤ ᠢᠳᠡᠰᠢᠨ ᠨᠤᠭᠤᠭ᠎ᠠ ᠳᠤ ᠸᠢᠲ᠋ᠠᠮᠢᠨ᠂ ᠡᠷᠦᠳᠡᠰᠦ ᠪᠠ ᠰᠢᠷᠭᠡᠭᠯᠢᠭ ᠡᠯᠪᠡᠭ ᠠᠭᠤᠯᠳᠠᠭ ᠪᠦᠭᠡᠳ | ᠢᠯᠴᠢ ᠶᠢᠨ ᠬᠡᠮᠵᠢᠶ᠎ᠠ ᠨᠢ ᠳᠤᠤᠷ᠎ᠠ ᠪᠠᠶᠢᠳᠠᠭ᠃ ᠨᠤᠭᠤᠭᠠᠨ ᠨᠠᠪᠴᠢᠲᠤ ᠢᠳᠡᠰᠢᠨ ᠨᠤᠭᠤᠭ᠎ᠠ ᠦᠷᠭᠦᠯᠵᠢ ᠢᠳᠡᠪᠡᠯ | ᠨᠠᠰᠤ ᠨᠡᠮᠡᠭᠳᠡᠬᠦ ᠶᠢ ᠳᠠᠭᠠᠯᠳᠤᠨ ᠪᠤᠢ ᠪᠤᠯᠳᠠᠭ ᠴᠡᠭᠡᠵᠢᠯᠡᠬᠦ ᠴᠢᠳᠠᠪᠤᠷᠢ ᠮᠠᠭᠤᠳᠠᠬᠤ ᠪᠠᠶᠢᠳᠠᠯ ᠢ ᠨᠠᠮᠳᠠᠭᠤᠯᠳᠠᠭ᠃ | ᠵᠢᠱᠢᠶᠡᠯᠡᠪᠡᠯ ᠰᠢᠨ᠎ᠠ ᠰᠤᠷᠭᠤᠭ ᠦᠷᠭᠡᠰᠦᠳᠦ ᠨᠤᠭᠤᠭ᠎ᠠ ᠪᠠᠷ ᠰᠠᠯᠠᠳ᠋ ᠬᠢᠵᠦ ᠢᠳᠡᠪᠠᠯ ᠰᠠᠶᠢᠨ ᠪᠠᠶᠢᠳᠠᠭ᠃ | ᠠᠷᠤᠷ᠎ᠠ ᠶᠢᠨ ᠳᠤᠰᠤ ᠠᠷᠤᠷ᠎ᠠ ᠶᠢᠨ ᠳᠤᠰᠤ ᠨᠢ ᠳᠤᠤᠷ᠎ᠠ ᠨᠢᠬᠳᠠᠴᠠᠳᠤ ᠦᠭᠡᠭᠦᠨ ᠤᠭᠤᠷᠠᠭᠳᠤ ᠰᠦᠰᠦᠨ ᠤ | ᠴᠢᠯᠠᠭᠤᠯᠢᠬ ᠠᠯᠺᠤᠤᠯ ᠤᠨ ᠵᠡᠷᠭᠡ ᠳᠡᠰ ᠢ ᠪᠠᠭᠤᠷᠠᠭᠤᠯᠬᠤ ᠪᠠᠷ ᠳᠠᠮᠵᠢᠨ ᠵᠢᠷᠦᠭᠡᠨ ᠡᠪᠡᠳᠴᠢᠨ ᠤ ᠠᠶᠤᠯ ᠢ | ᠪᠠᠭᠠᠰᠬᠠᠳᠠᠭ᠃ ᠠᠷᠤᠷ᠎ᠠ ᠶᠢᠨ ᠳᠤᠰᠤ ᠪᠤᠯ ᠭᠠᠵᠠᠷ ᠤᠨ ᠳᠤᠮᠳᠠᠳᠤ ᠳᠠᠩᠭᠢᠰ ᠤᠨ ᠤᠷᠤᠨ ᠤ ᠢᠳᠡᠭᠡᠨ ᠳᠤ | ᠳᠤᠳᠠᠭᠳᠠᠵᠤ ᠪᠤᠯᠤᠰᠢ ᠦᠭᠡᠢ ᠵᠦᠢᠯ ᠪᠤᠯᠤᠨ᠎ᠠ᠃ ᠠᠷᠤᠷ᠎ᠠ ᠶᠢᠨ ᠳᠤᠰᠤ ᠪᠠᠷ ᠬᠤᠭᠤᠯᠠ ᠬᠢᠵᠤ ᠪᠤᠯᠤᠨ᠎ᠠ᠂ ᠮᠦᠨ | ᠰᠢᠭᠤᠳ ᠳᠠᠯᠬ᠎ᠠ ᠪᠠᠨ ᠳᠦᠷᠦᠵᠦ ᠢᠳᠡᠵᠦ ᠪᠤᠯᠤᠨ᠎ᠠ᠃ ᠰᠢᠷ᠎ᠠ ᠪᠤᠷᠴᠠᠭ ᠤᠨ ᠢᠳᠡᠭᠡᠨ ᠰᠢᠷ᠎ᠡ ᠪᠤᠷᠴᠠᠭ ᠤᠨ | ᠤᠭᠤᠷᠠᠭ ᠨᠢ ᠵᠢᠷᠦᠭᠡᠨ ᠡᠪᠡᠳᠴᠢᠨ ᠢ ᠰᠡᠷᠭᠡᠶᠢᠯᠡᠬᠦ ᠳᠤ ᠳᠤᠰᠠᠳᠠᠢ᠂ ᠤᠨᠴᠠᠭᠠᠢᠢᠯᠠᠨ ᠪᠤᠷᠴᠠᠭ ᠤᠨ ᠢᠳᠡᠭᠡᠨ ᠢᠶᠠᠷ | ᠤᠯᠠᠭᠠᠨ ᠢᠳᠡᠭᠡᠨ ᠢ ᠤᠷᠤᠯᠠᠭᠤᠯᠪᠠᠯ ᠬᠦᠢᠴᠡᠳ ᠦᠭᠡᠬᠦᠨ ᠬᠦᠴᠢᠯ ᠤᠨ ᠬᠡᠮᠵᠢᠶ᠎ᠠ ᠶᠢ ᠪᠠᠭᠠᠰᠬᠠᠵᠤ᠂ ᠦᠭᠡᠬᠦᠨ | ᠬᠦᠴᠢᠯ ᠤᠨ ᠳᠦᠪᠰᠢᠨ ᠢ ᠳᠡᠭᠡᠭᠰᠢᠯᠡᠭᠦᠯᠵᠦ ᠪᠤᠯᠤᠨ᠎ᠠ᠃ ᠡᠩ ᠤᠨ ᠦᠶ᠎ᠠ ᠳᠡᠭᠡᠨ ᠳ᠋ᠧᠦᠹᠦ᠋᠂ ᠪᠤᠷᠴᠠᠭ ᠲᠠᠢ ᠰᠦ | ᠢᠯᠡᠭᠦᠭᠡᠨ ᠤᠤᠭᠤᠵᠤ ᠪᠤᠯᠤᠨ᠎ᠠ᠃ |