ᠹᠠᠨ ᠶᠧ ᠮᠢᠨ᠄ ᠪᠣᠬᠢᠷᠲᠤᠯ ᠥᠬᠡᠶ ᠤᠨᠴᠠᠯᠢᠬᠳᠤ ᠲᠡᠵᠢᠭᠡᠨ ᠦᠷᠡᠵᠢᠭᠦᠯᠬᠦ ᠦᠶᠯᠡᠰ ᠢ ᠬᠠᠶᠢᠨ ᠰᠦᠪᠡᠭᠴᠢᠯᠡᠵᠦ᠂ ᠭᠡᠰᠢᠭᠦᠳ ᠢᠶᠠᠨ ᠳᠠᠭᠠᠭᠤᠯᠤᠨ ᠠᠳᠠᠯ ᠦᠶᠯᠡᠰ ᠴᠣᠭᠴᠠᠯᠠᠵᠤ ᠣᠷᠣᠯᠭ᠎ᠠ ᠪᠠᠨ ᠨᠡᠮᠡᠭᠳᠡᠭᠦᠯᠦᠨ ᠴᠢᠨᠡᠭᠡᠯᠢᠭ ᠨᠡᠶᠢᠭᠡᠮ ᠲᠠᠶᠢᠰᠢ ᠴᠢᠷᠮᠠᠶᠢᠵᠠᠢ
ᠨᠡᠶᠢᠲᠡᠯᠡᠭᠰᠡᠨ ᠴᠠᠭ᠄
2021/1/28
   ᠲᠦᠷᠦᠭᠦᠬᠡᠨ ᠬᠤᠷᠠᠯᠳᠤᠭᠰᠠᠨ ᠭᠡᠭᠡᠨ ᠭᠤᠣᠯ ᠤᠨ ᠤᠢ ᠰᠢᠭᠤᠢ ᠶᠢᠨ ᠲᠣᠪᠴᠢᠶᠠᠨ ᠤ ᠭᠡᠷ ᠪᠦᠯᠢ ᠶᠢᠨ ᠠᠵᠤ ᠠᠬᠤᠢ ᠶᠢᠨ ᠬᠥᠬᠢᠭᠦᠯᠦᠨ ᠰᠠᠶᠢᠰᠢᠶᠠᠬᠤ ᠬᠤᠷᠠᠯ ᠳᠡᠭᠡᠷ᠎ᠡ᠂ ᠠᠵᠢᠯᠳᠠᠨ ᠹᠠᠨ ᠶᠧ ᠮᠢᠨ ᠳᠤ ᠦᠢᠯᠡᠰ ᠪᠤᠰᠬᠠᠬᠤ ᠲᠠᠭᠠᠭᠤᠯᠤᠬᠴᠢ ᠶᠢᠨ ᠢᠷᠠᠭᠤ ᠠᠯᠳᠠᠷ ᠤᠨ ᠴᠣᠯᠠ ᠣᠯᠭᠤᠭᠰᠠᠨ ᠪᠥᠭᠡᠳ ᠨᠡᠶᠢᠲᠡᠯᠢᠭ ᠵᠢᠱᠢᠶᠡᠴᠢ ᠶᠢᠨ ᠶᠠᠷᠢᠶ᠎ᠠ ᠲᠠᠯᠪᠢᠵᠤ᠂ ᠲᠡᠭᠦᠨ ᠤ ᠠᠩᠬᠢ ᠶᠢᠨ ᠨᠥᠬᠦᠳ ᠲᠠᠢ ᠪᠠᠨ ᠦᠢᠯᠡᠰ ᠪᠤᠰᠬᠠᠵᠤ ᠣᠷᠣᠯᠭ᠎ᠠ ᠪᠠᠨ ᠨᠡᠮᠡᠭᠳᠡᠭᠦᠯᠦᠭᠰᠡᠨ ᠦᠯᠢᠭᠡᠷ ᠢ ᠶᠠᠷᠢᠪᠠ᠃    ᠭᠡᠭᠡᠨ ᠭᠤᠤᠯ ᠤᠨ ᠣᠢ ᠰᠢᠭᠤᠶ ᠶᠢᠨ ᠲᠣᠪᠴᠢᠶᠠᠨ ᠤ ᠣᠢ ᠰᠢᠭᠤᠶ ᠶᠢᠨ ᠦᠶᠯᠡᠰ ᠪᠣᠰᠬᠠᠬᠤ ᠳᠠᠭᠠᠭᠤᠯᠤᠭᠴᠢ ᠪᠣᠯᠤᠭᠰᠠᠨ ᠹᠠᠨ ᠶᠧ ᠮᠢᠨ ᠪᠣᠯ ᠣᠢ ᠰᠢᠭᠤᠶ ᠶᠢ ᠬᠠᠮᠠᠭᠠᠯᠠᠵᠤ ᠭᠠᠯ ᠰᠡᠷᠭᠡᠶᠢᠯᠡᠬᠦ ᠬᠠᠮᠢᠶᠠᠷᠤᠯᠲᠠ ᠶᠢᠨ ᠭᠠᠵᠠᠷ ᠤᠨ ᠣᠢ ᠰᠢᠭᠤᠶ ᠶᠢᠨ ᠭᠠᠯ ᠤᠨᠲᠠᠷᠠᠭᠠᠬᠤ ᠠᠩᠭᠢ ᠶᠢᠨ ᠬᠤᠶᠠᠳᠤᠭᠠᠷ ᠳᠤᠮᠳᠠ ᠠᠩᠭᠢ ᠶᠢᠨ ᠳᠠᠷᠤᠭ᠎ᠠ ᠪᠣᠯᠤᠨ᠎ᠠ᠃ ᠠᠵᠢᠯ ᠤᠨ ᠴᠢᠯᠥᠭᠡᠨ ᠳᠡᠭᠡᠨ᠂ ᠲᠡᠷᠡ ᠭᠡᠰᠢᠭᠦᠳ ᠢᠶᠠᠨ ᠳᠠᠭᠠᠭᠤᠯᠤᠨ ᠲᠠᠬᠢᠶ᠎ᠠ ᠪᠣᠯᠤᠨ ᠭᠠᠭ᠋ᠠᠢ ᠲᠡᠵᠢᠭᠡᠵᠦ᠂ ᠤᠨᠴᠠᠯᠢᠬᠳᠤ ᠳᠠᠷᠢᠵᠤ ᠲᠡᠵᠢᠭᠡᠬᠦ ᠦᠢᠯᠡᠰ ᠢ ᠡᠵᠡᠩᠨᠡᠵᠦ᠂ ᠬᠡᠰᠢᠭᠦᠳ ᠤᠨ ᠠᠮᠢᠳᠤᠷᠠᠯ ᠳᠤᠮᠳᠠ ᠰᠢᠨ᠎ᠡ ᠬᠦᠰᠡᠯ ᠡᠷᠡᠮᠵᠢᠯᠡᠯ ᠢ ᠪᠤᠢ ᠪᠣᠯᠭᠠᠪᠠ᠃    20 ᠭᠠᠷᠤᠢ ᠵᠢᠯ ᠤᠨ ᠭᠠᠯ ᠤᠨᠲᠠᠷᠠᠭᠠᠬᠤ ᠲᠤᠷᠰᠢᠯᠭ᠎ᠠ ᠲᠠᠢ ᠹᠠᠨ ᠶᠧ ᠮᠢᠨ ᠤ ᠳᠠᠭᠠᠭᠤᠯᠤᠭᠰᠠᠨ ᠳᠤᠮᠳᠠ ᠠᠩᠬᠢ ᠪᠣᠯ ᠤᠢ ᠰᠢᠭᠤᠢ ᠶᠢᠨ ᠭᠠᠯ ᠰᠡᠷᠭᠡᠶᠢᠯᠡᠬᠦ ᠹᠷᠣᠨᠲ ᠤᠨ ᠳᠤᠮᠳᠠ ᠠᠩᠬᠢ ᠪᠠᠶᠢᠵᠤ᠂ ᠵᠣᠷᠢᠭᠲᠠᠢ ᠪᠠᠷ ᠪᠠᠶᠢᠯᠳᠤᠵᠤ ᠵᠣᠷᠢᠭᠲᠠᠢ ᠪᠠᠷ ᠲᠡᠮᠡᠴᠡᠵᠦ᠂ ᠣᠪᠣᠷ ᠰᠤᠷᠲᠠᠯ ᠨᠢ ᠡᠷᠡᠰ ᠬᠠᠲᠠᠭᠤ᠂ ᠲᠡᠰᠪᠦᠷᠢ ᠬᠠᠲᠠᠭᠤᠵᠢᠯᠲᠠᠢ᠂ ᠪᠠᠶᠢᠯᠳᠤᠬᠤ ᠬᠦᠴᠦᠨ ᠨᠢ ᠴᠢᠩᠭ᠎ᠠ ᠪᠠᠶᠢᠵᠤ᠂ ᠳᠡᠭᠡᠳᠦ ᠱᠠᠲᠤᠨ ᠤ ᠬᠥᠬᠢᠭᠦᠯᠦᠯ ᠰᠠᠶᠢᠰᠢᠶᠠᠯ ᠢ ᠣᠯᠠᠨᠲᠠ ᠬᠦᠷᠳᠡᠭᠰᠡᠨ ᠪᠠᠶᠢᠨ᠎ᠠ᠃ ᠠᠮᠢᠳᠤᠷᠠᠯ ᠳᠤᠮᠳᠠ ᠲᠡᠷᠡ ᠨᠦᠬᠦᠳ ᠨᠠᠷ ᠤᠨ ᠠᠮᠢᠳᠤᠷᠠᠯ ᠢ ᠮᠠᠰᠢ ᠬᠠᠯᠠᠮᠵᠢᠯᠠᠵᠤ᠂ ᠵᠠᠷᠢᠮ ᠭᠡᠰᠢᠭᠦᠳ ᠤᠨ ᠦᠵᠡᠯ ᠰᠠᠨᠠᠭ᠎ᠠ ᠨᠢ ᠲᠣᠭᠲᠠᠪᠤᠷᠢ ᠦᠭᠡᠢ ᠮᠡᠳᠡᠵᠤ᠂ ᠡᠬᠦᠨ ᠳᠤ ᠣᠯᠠᠩᠬᠢ ᠨᠢ ᠠᠮᠢᠳᠤᠷᠠᠯ ᠤᠨ ᠬᠦᠴᠢᠷᠳᠡᠯ ᠠᠴᠠ ᠪᠣᠯᠵᠠᠶ᠃ ᠭᠡᠰᠢᠭᠦᠳ ᠤᠨ ᠣᠯᠠᠩᠬᠢ ᠨᠢ ᠭᠡᠷ ᠲᠤ ᠪᠠᠨ ᠭᠠᠭᠴᠠ ᠠᠵᠢᠯᠲᠠᠨ ᠪᠠᠶᠢᠵᠤ᠂ ᠬᠡᠳᠦᠶᠢᠪᠡᠷ ᠡᠨᠡ ᠬᠡᠳᠦᠨ ᠵᠢᠯ ᠴᠠᠯᠢᠩ ᠨᠢ ᠮᠠᠰᠢ ᠶᠡᠭᠡ ᠥᠰᠦᠭᠰᠡᠨ ᠪᠣᠯᠪᠠᠴᠤ᠂ ᠣᠯᠠᠩᠬᠢ ᠭᠡᠷ ᠪᠦᠯᠢ ᠨᠢ  ᠳᠠᠭᠡᠷ᠎ᠡ ᠪᠠᠨ ᠨᠠᠰᠤᠲᠠᠨ ᠲᠠᠢ᠂ ᠳᠣᠣᠷ᠎ᠠ ᠪᠠᠨ ᠨᠢᠯᠬ᠎ᠠ ᠲᠠᠢ᠂ ᠬᠡᠦᠬᠡᠳ ᠨᠢ ᠰᠤᠷᠭᠠᠭᠤᠯᠢ ᠳᠤ ᠣᠷᠣᠬᠤ᠂ ᠨᠠᠰᠤᠲᠠᠨ  ᠨᠢ ᠡᠪᠡᠳᠴᠢᠨ ᠦᠵᠡᠭᠦᠯᠬᠦ ᠵᠡᠷᠭᠡ᠂ ᠠᠮᠢᠳᠤᠷᠠᠯ ᠤᠨ ᠠᠷ ᠰᠠᠷ ᠤᠴᠢᠷ ᠨᠢ ᠭᠠᠭᠴᠠᠭᠠᠷ ᠢᠶᠠᠨ ᠠᠵᠢᠯᠯᠠᠬᠤ ᠬᠡᠰᠢᠭᠦᠳ ᠤᠨ ᠠᠮᠢᠳᠤᠷᠠᠯ ᠨᠢ ᠮᠠᠰᠢ ᠬᠦᠴᠢᠷᠲᠠᠢ ᠪᠠᠶᠢᠳᠠᠭ᠃ ᠣᠯᠠᠨ ᠢ ᠳᠠᠭᠠᠭᠤᠯᠤᠨ ᠪᠠᠶᠠᠵᠢᠬᠤ ᠭᠡᠰᠡᠨ ᠪᠣᠳᠣᠯ  ᠨᠢ ᠨᠢᠭᠡᠴᠢ ᠶᠢᠨ ᠤᠳᠤᠷᠢᠳᠤᠯᠭ᠎ᠠ ᠶᠢᠨ ᠳᠡᠮᠵᠢᠯᠭᠡ ᠪᠠ ᠭᠡᠰᠢᠭᠦᠳ ᠤᠨ ᠬᠦᠷᠢᠶᠡᠯᠡᠯ ᠢ ᠣᠯᠵᠤ᠂ ᠲᠡᠷᠡ ᠳᠡᠳ᠋ ᠠᠩᠭᠢ  ᠶᠢᠨ ᠳᠠᠷᠤᠭ᠎ᠠ ᠵᠣᠣ ᠬᠤᠩ ᠪᠢᠨ ᠲᠠᠢ ᠵᠥᠪᠳᠡᠯᠴᠡᠭᠰᠡᠨ ᠤ ᠳᠠᠷᠠᠭ᠎ᠠ᠂ ᠲᠡᠵᠢᠭᠡᠨ ᠦᠷᠡᠵᠢᠭᠦᠯᠬᠦ ᠲᠠᠯᠠᠪᠠᠢ ᠪᠠᠶᠢᠭᠤᠯᠵᠤ ᠂ ᠳᠠᠬᠢᠶ᠎ᠠ ᠪᠠ ᠭᠠᠭ᠋ᠠᠶ ᠲᠡᠵᠢᠭᠡᠬᠦ ᠪᠠᠷ ᠲᠣᠭᠲᠠᠪᠠ᠂ ᠲᠤᠬᠠᠶ ᠶᠢᠨ ᠦᠶ᠎ᠡ ᠳᠤ ᠲᠡᠳᠡ ᠳᠥᠷᠪᠡᠭᠦᠯᠡ ᠪᠡᠯᠡ ᠴᠤᠭᠯᠠᠭᠤᠯᠵᠤ ᠬᠤᠪᠢ ᠣᠷᠣᠭᠤᠯᠬᠤ ᠬᠡᠯᠪᠡᠷᠢ ᠪᠠᠷ 40 ᠲᠦᠮᠡᠨ ᠲᠥᠭᠦᠷᠢᠭ ᠤᠨ ᠪᠡᠯᠡ ᠮᠥᠩᠭᠦ ᠴᠤᠭᠯᠠᠭᠤᠯᠵᠠᠶ᠃    ᠲᠤᠬᠠᠢ ᠶᠢᠨ ᠦᠶ᠎ᠡ ᠳᠤ᠂ ᠲᠡᠳᠡ ᠲᠦᠮᠡᠨ ᠲᠠᠬᠢᠶ᠎ᠠ᠂ 500 ᠭᠠᠭ᠋ᠠᠢ ᠲᠠᠢ ᠪᠣᠯᠬᠤ ᠬᠠᠷᠠᠯᠲᠠ ᠶᠢ ᠲᠣᠭᠲᠠᠭᠠᠭᠰᠠᠨ ᠪᠥᠭᠡᠳ ᠭᠠᠯ ᠤᠨᠲᠠᠷᠠᠭᠠᠭᠴᠢ ᠵᠢᠴᠢ ᠲᠡᠳᠡᠨ ᠤ ᠭᠡᠷ ᠪᠦᠯᠢ ᠶᠢᠨ ᠬᠢᠨ ᠲᠠᠢ ᠢᠳᠡᠪᠬᠢᠲᠡᠢ ᠬᠠᠷᠢᠯᠴᠠᠵᠤ ᠪᠠᠶᠢᠭᠠᠳ ᠣᠷᠣᠯᠭ᠎ᠠ ᠶᠢ ᠨᠢ  ᠨᠡᠮᠡᠭᠳᠡᠬᠦᠯᠬᠦ  ᠪᠠᠷ ᠲᠤᠭᠲᠠᠪᠠ᠃ ᠲᠡᠵᠢᠭᠡᠨ ᠦᠷᠡᠵᠢᠭᠦᠯᠬᠦ ᠶᠠᠪᠤᠴᠠ ᠳᠤ ᠂ ᠣᠶ ᠰᠢᠭᠤᠶ ᠶᠢᠨ ᠲᠣᠪᠴᠢᠶ᠎ᠠ ᠠᠴᠠ ᠬᠦᠴᠦᠲᠡᠶ ᠳᠡᠮᠵᠢᠯᠭᠡ ᠦᠵᠡᠭᠦᠯᠵᠦ᠂ ᠣᠶ ᠰᠢᠭᠤᠶ ᠶᠢᠨ ᠲᠣᠪᠴᠢᠶ᠎ᠠ ᠶᠢᠨ ᠠᠵᠢᠯᠴᠢᠨ ᠤ ᠡᠪᠯᠡᠯ 30 ᠲᠦᠮᠡᠨ ᠲᠥᠭᠦᠷᠢᠭ ᠤᠨ ᠬᠦᠦ ᠮᠥᠩᠭᠦ ᠥᠬᠡᠶ ᠵᠢᠭᠡᠯᠡᠯᠭᠡ ᠬᠠᠩᠭᠠᠪᠠ᠃ ᠬᠥᠭᠵᠢᠯᠲᠡ  ᠪᠠᠷ ᠲᠠᠮᠵᠢᠨ ᠹᠠᠨ ᠶᠧ ᠮᠢᠨ ᠤ ᠲᠡᠵᠢᠭᠡᠪᠦᠷᠢ ᠶᠢᠨ ᠲᠠᠯᠠᠪᠠᠢ ᠨᠢ ᠡᠳᠦᠷ ᠪᠦᠷᠢ 800 ᠭᠠᠷᠤᠢ ᠵᠢᠩ ᠥᠨᠳᠡᠭᠡᠯᠡᠵᠦ᠂ ᠦᠷᠳᠡᠭ ᠨᠢ 3000 ᠭᠠᠷᠤᠢ ᠲᠥᠭᠦᠷᠢᠭ ᠲᠤ ᠬᠦᠷᠴᠦ᠂ ᠴᠡᠪᠡᠷ ᠠᠰᠢᠭ ᠬᠤᠨᠵᠢᠪᠣᠷᠢ ᠨᠢ 1000 ᠲᠥᠭᠦᠷᠢᠭ ᠣᠷᠴᠢᠮ ᠪᠣᠯᠵᠠᠢ᠃    ᠹᠠᠨ ᠶᠧ ᠮᠢᠨ ᠪᠣᠯᠤᠨ ᠭᠡᠰᠢᠭᠦᠳ ᠡᠷᠲᠡᠯᠡᠵᠦ ᠣᠷᠣᠶᠢᠯᠠᠨ ᠠᠵᠢᠯᠯᠠᠵᠤ᠂ ᠲᠠᠬᠢᠶᠠᠨ ᠬᠠᠰᠢᠶᠠᠨ ᠳᠤ ᠪᠠᠨ ᠲᠠᠬᠢᠶ᠎ᠠ ᠲᠡᠵᠢᠭᠡᠵᠦ᠂ ᠨᠢᠭᠡ ᠲᠠᠯ᠎ᠠ ᠪᠠᠷ ᠲᠡᠵᠢᠭᠡᠨ ᠦᠷᠡᠵᠢᠭᠦᠯᠬᠦ ᠮᠡᠷᠭᠡᠵᠢᠯ ᠢ ᠰᠤᠳᠤᠯᠵᠤ᠂ ᠨᠦᠬᠦᠭᠡ ᠲᠠᠯ᠎ᠠ ᠪᠠᠷ ᠲᠠᠬᠢᠶᠠᠨ ᠬᠠᠰᠢᠶᠠᠨ ᠭᠠᠭ᠋ᠠᠢ ᠶᠢᠨ ᠬᠠᠰᠢᠶ᠎ᠠ ᠪᠠᠷᠢᠵᠤ᠂ ᠪᠣᠷᠣᠯᠠᠭᠤᠯᠭ᠎ᠠ ᠶᠢᠨ ᠵᠠᠮ ᠢᠶᠠᠨ ᠨᠡᠭᠡᠭᠡᠬᠦ ᠶᠢᠨ ᠲᠥᠯᠥᠭᠡ᠂ ᠲᠡᠳᠡ ᠵᠠᠬ᠎ᠠ ᠳᠡᠯᠭᠡᠭᠦᠷ ᠲᠤ ᠬᠦᠷᠴᠤ᠂ ᠨᠤᠭᠤᠷᠠᠯ ᠪᠦᠳᠤᠷᠢᠯ ᠢᠶᠠᠷ ᠳᠠᠮᠵᠢᠨ᠂ ᠡᠴᠦᠰ ᠲᠡᠭᠡᠨ ᠬᠡᠳᠤᠨ ᠬᠡᠲᠦ ᠳᠡᠯᠭᠡᠭᠦᠷ ᠲᠠᠢ ᠭᠡᠷ᠎ᠡ ᠲᠣᠭᠲᠠᠪᠠ᠃ ᠢᠩᠭᠢᠭᠡᠳ ᠴᠢᠨᠠᠷ ᠴᠢᠨᠰᠠᠭ᠎ᠠ ᠪᠠᠷ ᠢᠶᠠᠨ ᠵᠠᠬ᠎ᠠ ᠳᠡᠯᠭᠡᠭᠦᠷ ᠲᠤ ᠣᠷᠣᠵᠤ᠂ ᠠᠭᠠᠵᠢᠮ ᠢᠶᠠᠷ ᠪᠣᠷᠣᠯᠠᠭᠤᠯᠭ᠎ᠠ ᠶᠢᠨ ᠵᠠᠮ ᠢᠶᠠᠨ ᠨᠡᠭᠡᠭᠡᠪᠡ᠃    ᠲᠡᠳᠡᠨ ᠤ ᠲᠡᠵᠢᠭᠡᠨ ᠦᠷᠡᠵᠢᠭᠦᠯᠬᠦ ᠲᠠᠯᠠᠪᠠᠶ ᠨᠢ ᠨᠢᠭᠡ ᠵᠢᠯ ᠤᠨ ᠬᠥᠭᠵᠢᠯᠲᠡ ᠪᠠᠷ ᠳᠡᠮᠵᠢᠨ᠂ ᠣᠲᠣ 2000 ᠲᠡᠭᠰᠢ ᠳᠥᠷᠪᠡᠯᠵᠢᠨ ᠮᠧᠲᠷ ᠲᠠᠯᠠᠪᠠᠶ ᠲᠠᠢ᠂ 8400 ᠥᠨᠳᠡᠭᠡ ᠲᠠᠢ᠂ ᠡᠳᠦᠷ ᠲᠤ 1000 ᠵᠢᠩ ᠣᠷᠴᠢᠮ ᠥᠨᠳᠡᠭᠡᠯᠡᠵᠦ᠂ 97 ᠭᠠᠭ᠋ᠠᠶ ᠲᠠᠢ᠂ ᠶᠡᠷᠦᠩᠬᠡᠶ ᠪᠠᠯᠠ ᠣᠷᠣᠭᠤᠯᠤᠯᠲᠠ ᠨᠢ 110 ᠲᠦᠮᠡᠨ ᠲᠥᠭᠦᠷᠢᠭ᠂ ᠵᠢᠯ ᠤᠨ ᠦᠶᠯᠡᠳᠬᠦᠨ ᠤ ᠥᠷᠲᠡᠭ ᠨᠢ 150 ᠲᠦᠮᠡᠨ ᠲᠥᠭᠦᠷᠢᠭ ᠪᠣᠯᠤᠨ᠎ᠠ᠃ ᠬᠦᠴᠢᠷᠳᠡᠯᠲᠡᠶ ᠠᠩᠭᠢ ᠶᠢᠨ ᠭᠡᠰᠢᠭᠦᠳ ᠤᠨ ᠭᠡᠷ ᠪᠦᠯᠢ ᠶᠢᠨ 12 ᠬᠥᠮᠦᠨ ᠢ ᠲᠣᠬᠢᠷᠠᠭᠤᠯᠵᠤ᠂ ᠭᠠᠯ ᠰᠡᠷᠭᠡᠶᠢᠯᠡᠬᠦ ᠴᠤᠬᠠᠭ ᠤᠯᠠᠷᠢᠯ ᠳᠤ ᠠᠩᠭᠢ ᠶᠢᠨ ᠭᠡᠰᠢᠭᠦᠳ  ᠢ ᠵᠣᠬᠢᠶᠠᠨ ᠪᠠᠶᠢᠭᠤᠯᠤᠨ ᠰᠠᠭᠤᠷᠢ ᠪᠦᠲᠦᠭᠡᠨ ᠪᠠᠶᠢᠭᠤᠯᠤᠯᠲᠠ ᠬᠢᠯᠭᠡᠵᠦ᠂ ᠣᠷᠴᠢᠨ ᠲᠣᠭᠤᠷᠢᠨ ᠢ ᠨᠢ ᠭᠤᠶᠤᠵᠢᠭᠤᠯᠬᠤ ᠶᠢᠨ ᠬᠠᠮᠲᠤ ᠣᠶ ᠰᠢᠭᠤᠶ ᠶᠢᠨ ᠲᠣᠪᠴᠢᠶ᠎ᠠ ᠶᠢᠨ ᠴᠢᠬᠢ ᠮᠣᠳᠣᠨ ᠤ ᠬᠦᠷᠢᠶᠡᠯᠡᠩ ᠳᠤ ᠴᠢᠨᠠᠷ ᠰᠠᠶᠢᠲᠠᠶ ᠭᠡᠷ ᠤᠨ ᠪᠣᠷᠳᠣᠭᠤᠷ ᠬᠠᠩᠭᠠᠵᠤ᠂ ᠴᠢᠬᠢ ᠮᠣᠳᠣᠨ ᠤ ᠰᠠᠭᠤᠷᠢᠨ ᠭᠠᠵᠠᠷ ᠤᠨ ᠬᠥᠷᠥᠰᠥ ᠰᠢᠷᠣᠶ ᠶᠢ ᠰᠠᠶᠢᠵᠢᠷᠠᠭᠤᠯᠵᠤ᠂ ᠴᠢᠬᠢ ᠮᠣᠳᠣᠨ ᠤ ᠡᠳᠡᠭᠡᠷᠡᠯᠲᠡ ᠶᠢᠨ ᠨᠣᠷᠮ᠎ᠠ ᠪᠠ ᠥᠰᠥᠯᠲᠡ ᠶᠢᠨ ᠨᠣᠷᠮ᠎ᠠ ᠶᠢ ᠳᠡᠭᠡᠭᠰᠢᠯᠡᠭᠦᠯᠵᠡᠢ᠃    ᠣᠢ ᠰᠢᠭᠤᠢ ᠶᠢᠨ ᠭᠠᠯ ᠤᠨᠲᠠᠷᠠᠭᠠᠬᠤ ᠳᠤᠮᠳᠠ ᠠᠩᠭᠢ ᠶᠢᠨ ᠳᠠᠷᠤᠭ᠎ᠠ ᠠᠴᠠ ᠲᠤᠰᠢᠶᠠᠯ ᠬᠠᠪᠰᠤᠷᠭᠠᠭᠰᠠᠨ ᠲᠡᠵᠢᠭᠡᠨ ᠦᠷᠡᠵᠢᠭᠦᠯᠬᠦ ᠲᠠᠯᠠᠪᠠᠢ ᠶᠢᠨ ᠳᠠᠷᠤᠭ᠎ᠠ ᠬᠦᠷᠲᠡᠯ᠎ᠡ᠂ ᠡᠨᠡ ᠬᠦ ᠭᠡᠰᠢᠭᠦᠳ ᠤᠨ ᠨᠢᠳᠦᠨ ᠳᠠᠬᠢ《 ᠳᠣᠮᠣᠭᠲᠤ ᠬᠥᠮᠦᠨ 》 ᠨᠢ ᠶᠠᠭ ᠠᠩᠭᠢ ᠶᠢᠨ ᠭᠡᠰᠢᠭᠦᠳ ᠢᠶᠠᠨ ᠳᠠᠭᠠᠭᠤᠯᠤᠨ ᠣᠨᠴᠠᠯᠢᠭᠲᠤ ᠠᠵᠤ ᠦᠢᠯᠡᠰ ᠢ ᠬᠥᠭᠵᠢᠭᠦᠯᠵᠦ ᠪᠠᠶᠠᠵᠢᠨ ᠴᠢᠨᠡᠭᠡᠯᠢᠭᠵᠢᠬᠦ ᠵᠠᠮ ᠶᠠᠪᠤᠬᠤ ᠲᠤᠲᠤᠮ ᠥᠷᠭᠡᠵᠢᠵᠦ ᠪᠠᠶᠢᠨ᠎ᠠ᠃ᠡᠬᠡ ᠪᠢᠴᠢᠭ ᠤᠨ ᠢᠷᠡᠯᠲᠡ᠄ ᠲᠧᠯᠸᠢᠰ ᠬᠤᠷᠢᠶ᠎ᠡᠵᠤᠬᠢᠶᠠᠭᠴᠢ᠄ ᠳ᠋ᠦᠩ ᠶᠠᠨ   ᠳ᠋ᠦᠩ ᠮᠢᠩ
 
ᠢᠷᠡᠯᠲᠡ᠄ ᠭᠡᠭᠡᠨ ᠭᠤᠤᠯ ᠬᠤᠲᠡ ᠶᠢᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号