ᠺᠤᠮᠫᠢᠦ᠋ᠲ᠋ᠧᠷ ᠤᠨ ᠰᠠᠴᠤᠷᠠᠭ ᠢ ᠬᠡᠷᠬᠢᠨ ᠪᠠᠭᠤᠷᠠᠭᠤᠯᠬᠤ ᠪᠤᠢ
ᠨᠡᠶᠢᠲᠡᠯᠡᠭᠰᠡᠨ ᠴᠠᠭ᠄
2021/7/19
 ᠪᠢᠴᠢᠯ ᠺᠤᠮᠫᠢᠦ᠋ᠲ᠋ᠧᠷ ᠢᠶᠠᠷ ᠳᠠᠯᠪᠢᠭᠤᠷ ᠺᠤᠮᠫᠢᠦ᠋ᠲ᠋ᠧᠷ ᠢ ᠤᠷᠤᠯᠠᠬᠤ       ᠳᠠᠯᠪᠢᠭᠤᠷ ᠺᠤᠮᠫᠢᠦ᠋ᠲ᠋ᠧᠷ ᠤᠨ ᠰᠠᠴᠤᠷᠠᠭ ᠨᠢ ᠪᠢᠴᠢᠯ ᠺᠤᠮᠫᠢᠦ᠋ᠲ᠋ᠧᠷ ᠠᠴᠠ ᠢᠯᠡᠬᠦᠤ ᠪᠠᠶᠢᠳᠠᠭ᠃ ᠤᠷᠳᠤ ᠬᠤᠭᠤᠴᠠᠭ᠎ᠠ ᠪᠠᠷ ᠬᠡᠳᠤ ᠬᠦᠴᠤᠯᠠᠴᠠ ᠪᠦᠬᠦᠢ ᠺᠤᠮᠫᠢᠦ᠋ᠲ᠋ᠧᠷ ᠤᠨ ᠳᠤᠤᠷ᠎ᠠ ᠳᠠᠪᠳᠠᠮᠵᠢᠳᠤ ᠴᠠᠬᠢᠯᠭᠠᠨ ᠰᠤᠷᠢᠨᠵᠢᠨ ᠤ ᠰᠠᠴᠤᠷᠠᠭ ᠤᠷᠤᠰᠢᠬᠤ ᠤᠷᠴᠢᠨ ᠳᠤᠭᠤᠷᠢᠨ ᠳᠤ ᠠᠵᠢᠯᠯᠠᠪᠠᠯ᠂ ᠳᠤᠯᠤᠭᠠᠢ ᠡᠷᠬᠢᠬᠦ᠂ ᠳᠤᠯᠤᠭᠠᠢ ᠡᠪᠡᠳᠬᠦ᠂ ᠴᠡᠬᠡᠵᠢᠯᠡᠬᠦ ᠴᠢᠳᠠᠪᠤᠷᠢ ᠳᠤᠷᠤᠭᠰᠢᠯᠠᠬᠤ᠂ ᠡᠪᠡᠳᠴᠢᠨ ᠢ ᠡᠰᠡᠷᠬᠦᠴᠡᠬᠦ ᠴᠢᠳᠠᠪᠤᠷᠢ ᠳᠤᠷᠤᠭᠰᠢᠯᠠᠬᠤ᠂ ᠵᠠᠷᠢᠮ ᠡᠮᠡᠭᠳᠡᠶᠢᠴᠤᠳ ᠰᠠᠷ᠎ᠠ ᠶᠢᠨ ᠭᠬᠢᠷ ᠳᠡᠭᠰᠢ ᠦᠬᠡᠢ ᠪᠤᠯᠬᠤ᠂ ᠦᠮᠠᠨ ᠡᠪᠡᠳᠴᠢᠨ ᠵᠡᠷᠬᠡ ᠶᠢ ᠡᠬᠦᠰᠬᠡᠳᠡᠭ᠃          ᠪᠢᠴᠢᠯ ᠺᠤᠮᠫᠢᠦ᠋ᠲ᠋ᠧᠷ ᠢ ᠬᠠᠮᠤᠭ ᠰᠠᠶᠢᠨ ᠨᠢ ᠴᠠᠬᠢᠯᠭᠠᠨ ᠴᠡᠨᠡᠭᠯᠡᠵᠤ ᠪᠠᠶᠢᠭ᠎ᠠ ᠦᠶ᠎ᠠ ᠳᠤ ᠵᠠᠷᠤᠬᠤ ᠦᠬᠡᠢ᠃  ᠤᠴᠢᠷ ᠨᠢ ᠴᠠᠬᠢᠯᠭᠠᠨ ᠨᠡᠪᠳᠡᠷᠡᠵᠤ ᠪᠠᠶᠢᠭ᠎ᠠ ᠦᠶ᠎ᠠ ᠶᠢᠨ ᠬᠦᠴᠤᠳᠡᠯ ᠦᠬᠡᠷᠡᠴᠢᠯᠡᠭᠴᠢ ᠪᠤᠯ ᠬᠠᠮᠤᠭ ᠶᠡᠭᠡ ᠰᠠᠴᠤᠷᠠᠭ ᠰᠠᠳᠠᠷᠠᠭᠤᠯᠤᠭᠴᠢ ᠮᠦᠨ᠃       ᠺᠤᠮᠫᠢᠦ᠋ᠲ᠋ᠧᠷ ᠤᠨ ᠳᠡᠯᠬᠡᠴᠠ ᠶᠢ ᠡᠳᠤᠷ ᠪᠦᠷᠢ ᠠᠷᠴᠢᠵᠤ ᠴᠡᠪᠡᠷᠯᠡᠨ᠎ᠠ     ᠺᠤᠮᠫᠢᠦ᠋ᠲ᠋ᠧᠷ ᠤᠨ ᠳᠡᠯᠬᠡᠴᠠ ᠳᠠᠶᠢᠪᠤᠡᠭ ᠴᠠᠬᠢᠯᠭᠠᠨ ᠡᠬᠦᠰᠦᠭᠰᠡᠨ ᠠᠴᠠ ᠪᠤᠯᠵᠤ ᠳᠤᠭᠤᠰᠤ ᠠᠮᠠᠷᠬᠠᠨ ᠨᠠᠭᠠᠯᠳᠤᠨ᠎ᠠ᠂  ᠡᠳᠡᠬᠡᠷ ᠨᠠᠷᠢᠨ ᠳᠤᠭᠤᠰᠤ ᠨᠢ ᠰᠠᠴᠤᠷᠠᠭ ᠢ ᠰᠠᠳᠠᠷᠠᠭᠤᠯᠬᠤ ᠶᠢ ᠠᠬᠢᠭᠤᠯᠳᠠᠭ᠃ ᠡᠶᠢᠮᠤ ᠠᠴᠠ ᠡᠳᠤᠷ ᠪᠦᠷᠢ ᠺᠤᠮᠫᠢᠦ᠋ᠲ᠋ᠧᠷ ᠢᠶᠠᠨ ᠨᠡᠬᠡᠬᠡᠬᠦ ᠠᠴᠠ ᠡᠮᠤᠨ᠎ᠠ ᠳᠤᠰᠬᠠᠢ ᠳᠡᠯᠬᠡᠴᠠ ᠴᠡᠪᠡᠷᠯᠡᠬᠦ ᠡᠳ᠋ ᠢᠶᠠᠷ ᠠᠷᠴᠢᠵᠤ ᠴᠡᠪᠡᠷᠯᠡᠪᠠᠯ ᠵᠤᠬᠢᠨ᠎ᠠ᠃         ᠺᠤᠮᠫᠢᠦ᠋ᠲ᠋ᠧᠷ ᠤᠨ ᠳᠡᠷᠬᠡᠳᠠ ᠨᠢᠬᠡ ᠴᠠᠭ ᠰᠠᠭᠤᠪᠠᠯ ᠪᠤᠰᠴᠤ ᠠᠷᠪᠠᠨ ᠮᠢᠨᠦ᠋ᠲ ᠬᠦᠳᠡᠯᠬᠡᠬᠡᠨ ᠬᠢᠨ᠎ᠠ     ᠤᠷᠳᠤ ᠬᠤᠭᠤᠴᠠᠭ᠎ᠠ ᠪᠠᠷ ᠰᠠᠭᠤᠵᠤ ᠠᠵᠢᠯᠯᠠᠬᠤ ᠨᠢ ᠪᠦᠬᠦ ᠪᠡᠶ᠎ᠠ ᠶᠢᠨ ᠴᠢᠰᠤᠨ ᠡᠷᠬᠢᠯᠳᠠ ᠪᠠ ᠯᠢᠮᠹᠠ ᠶᠢᠨ  ᠡᠷᠬᠢᠯᠳᠠ ᠶᠢ ᠤᠳᠠᠭᠠᠰᠢᠷᠠᠭᠤᠯᠵᠤ᠂ ᠰᠤᠯᠢᠯᠴᠠᠭᠠᠨ ᠤ ᠬᠠᠶᠠᠭᠳᠠᠮᠠᠯ ᠡᠳ᠋ ᠪᠡᠶ᠎ᠠ ᠳᠤ ᠬᠤᠷᠠᠵᠤ ᠴᠤᠭᠯᠠᠷᠠᠭᠠᠳ ᠳᠦᠷᠪᠠᠨ  ᠮᠦᠴᠢ ᠬᠠᠪᠤᠩᠨᠠᠬᠤ ᠨᠢᠳᠤ ᠡᠪᠡᠳᠬᠦ ᠵᠡᠷᠬᠡ ᠪᠠᠶᠢᠳᠠᠯ ᠢ ᠡᠬᠦᠰᠬᠡᠳᠡᠭ᠃ ᠤᠷᠳᠤ ᠬᠤᠭᠤᠴᠠᠭ᠎ᠠ ᠪᠠᠷ ᠠᠵᠢᠯᠯᠠᠬᠤ ᠨᠢ ᠶᠡᠭᠡ ᠳᠠᠷᠢᠬᠢᠨ ᠤ ᠬᠠᠯᠢᠰᠤᠨ ᠳᠠᠪᠬᠤᠷᠭ᠎ᠠ ᠶᠢᠨ ᠵᠦᠳᠡᠷᠡᠯ ᠢ ᠡᠬᠦᠰᠬᠡᠵᠤ ᠠᠵᠢᠯ ᠤᠨ ᠪᠦᠳᠤᠮᠵᠢ ᠶᠢ ᠳᠤᠭᠤᠭᠰᠢᠯᠠᠭᠤᠯᠳᠠᠭ᠃   ᠭᠤᠷᠪᠠᠨ ᠴᠠᠭ ᠠᠯᠤᠰᠯᠠᠪᠠᠯ ᠨᠢᠬᠡ ᠤᠳᠠᠭ᠎ᠠ ᠨᠢᠭᠤᠷ ᠢᠶᠠᠨ ᠤᠬᠢᠶᠠᠨ᠎ᠠ        ᠺᠤᠮᠫᠢᠦ᠋ᠲ᠋ᠧᠷ ᠢ ᠬᠡᠷᠡᠭᠯᠡᠬᠦ ᠦᠶᠡᠰ ᠬᠦᠮᠤᠨ ᠤ ᠬᠠᠴᠠᠷ ᠳᠡᠬᠡᠷ᠎ᠠ ᠴᠦᠬᠡᠨ ᠪᠤᠰᠤ ᠰᠠᠴᠤᠷᠠᠭ ᠮᠦᠬᠦᠯᠢᠭ ᠰᠠᠭᠤᠵᠤ᠂  ᠴᠠᠬᠢᠯᠭᠠᠨ ᠰᠤᠷᠢᠨᠵᠢᠨ ᠤ ᠪᠤᠬᠢᠷᠳᠤᠯ ᠢ ᠡᠬᠦᠰᠬᠡᠵᠤ᠂ ᠨᠢᠭᠤᠷ ᠤᠨ ᠠᠷᠠᠰᠤ ᠶᠢ ᠬᠡᠮᠳᠤᠬᠡᠳᠡᠭ᠃ ᠢᠢᠮᠤ ᠠᠴᠠ ᠴᠡᠪᠡᠷ ᠤᠰᠤ ᠪᠠᠷ ᠨᠢᠭᠤᠷ ᠢᠶᠠᠨ ᠤᠬᠢᠶᠠᠬᠤ ᠨᠢ 70% ᠠᠴᠠ ᠳᠡᠬᠡᠭᠰᠢᠬᠢ ᠰᠠᠴᠤᠷᠠᠭ ᠮᠦᠬᠦᠯᠢᠭ ᠢ ᠠᠷᠢᠯᠭᠠᠵᠤ ᠴᠢᠳᠠᠳᠠᠭ᠃ ᠰᠠᠴᠤᠷᠠᠭ ᠢ ᠡᠰᠡᠷᠬᠦᠴᠡᠬᠦ ᠢᠳᠡᠬᠡᠨ ᠤᠮᠳᠠᠭᠠᠨ ᠰᠢᠷ᠎ᠠ ᠯᠤᠤᠪᠠᠨᠭ᠌᠂ ᠪᠤᠷᠴᠠᠭ ᠤᠨ ᠴᠢᠴᠢᠬᠡᠰᠤ᠂ ᠳᠦᠪᠡᠳ ᠬᠠᠰᠢ᠂ ᠬᠠᠷ᠎ᠠ ᠮᠢᠬ᠎ᠠ᠂ ᠡᠯᠢᠬᠡ ᠵᠡᠷᠬᠡ ᠢᠳᠡᠬᠡᠨ ᠢ ᠢᠳᠡᠵᠤ᠂ ᠨᠤᠭᠤᠭᠠᠨ ᠴᠠᠢ᠂ ᠤᠳᠪᠠᠯᠠ ᠴᠡᠴᠡᠭ ᠤᠨ ᠴᠠᠢ ᠵᠡᠷᠬᠡ ᠶᠢ ᠤᠤᠭᠤᠪᠠᠯ ᠰᠠᠶᠢᠨ᠃ ᠡᠬᠦᠨ ᠠᠴᠠ ᠭᠠᠳᠠᠨ᠎ᠠ᠂  ᠰᠢᠷᠡᠬᠡᠨ ᠳᠡᠬᠡᠷ᠎ᠠ ᠬᠡᠳᠤᠨ ᠪᠠᠨᠠᠨᠠ ᠳᠠᠯᠪᠢᠪᠠᠯ᠂ ᠪᠠᠨᠠᠨᠠ ᠶᠢᠨ ᠠᠭᠤᠯᠬᠤ ᠺᠠᠯᠢ ᠨᠢ ᠨᠢᠳᠤ ᠬᠠᠳᠠᠵᠤ ᠡᠪᠡᠳᠬᠦ ᠳᠤ ᠳᠤᠰᠠᠳᠠᠢ ᠪᠠᠶᠢᠳᠠᠭ᠃     ᠺᠤᠮᠫᠢᠦ᠋ᠲ᠋ᠧᠷ ᠤᠨ ᠬᠠᠵᠠᠭᠤ ᠳᠤ ᠬᠠᠮᠢᠭ᠎ᠠ ᠦᠬᠡᠢ ᠳᠡᠮᠦᠷᠯᠢᠭ ᠪᠤᠳᠠᠰ ᠢ ᠳᠠᠯᠪᠢᠬᠤ ᠦᠬᠡᠢ         ᠡᠳᠡᠬᠡᠷ ᠳᠡᠮᠦᠷᠯᠢᠭ ᠪᠤᠳᠠᠰ ᠨᠢ ᠬᠤᠶᠠᠳᠠᠬᠢ ᠤᠳᠠᠭᠠᠨ ᠤ ᠴᠠᠬᠢᠯᠭᠠᠨ ᠰᠤᠷᠢᠨᠵᠢᠨ ᠰᠠᠴᠤᠷᠠᠭ ᠤᠨ ᠪᠤᠬᠢᠷᠳᠤᠯ ᠢ ᠡᠬᠦᠰᠬᠡᠬᠦ ᠪᠤᠯᠤᠮᠵᠢ ᠲᠠᠢ᠃    ᠺᠤᠮᠫᠢᠦ᠋ᠲ᠋ᠧᠷ ᠤᠨ ᠳᠡᠯᠬᠡᠴᠠ ᠶᠢᠨ ᠬᠡᠬᠡ ᠶᠢ ᠪᠠᠭᠤᠷᠠᠭᠤᠯᠬᠤ        ᠡ᠊ᠡᠭ ᠤᠨ ᠪᠠᠶᠢᠳᠠᠯ ᠳᠤ᠂ ᠳᠡᠯᠬᠡᠴᠠ ᠨᠢ ᠬᠡᠳᠤᠢ ᠬᠡᠬᠡ ᠲᠠᠢ ᠪᠤᠯ ᠰᠠᠳᠠᠷᠠᠭᠤᠯᠬᠤ ᠰᠠᠴᠤᠷᠠᠭ ᠨᠢ ᠳᠡᠳᠤᠢ ᠶᠡᠭᠡ᠃  ᠦᠷᠬᠦᠯᠵᠢ ᠺᠤᠮᠫᠢᠦ᠋ᠲ᠋ᠧᠷ ᠤᠨ ᠳᠡᠷᠬᠡᠳᠠ ᠠᠵᠢᠯᠯᠠᠳᠠᠭ ᠬᠦᠮᠤᠰ ᠳᠡᠯᠬᠡᠴᠠ ᠪᠠᠨ ᠨᠤᠭᠤᠭᠠᠨ ᠦᠡᠭᠬᠡ ᠲᠠᠢ ᠪᠤᠯᠭᠠᠪᠠᠯ ᠨᠢᠳᠤ ᠶᠢ ᠬᠠᠮᠠᠭᠠᠯᠠᠬᠤ ᠤᠢᠢᠯᠡᠳᠤᠯ ᠲᠠᠢ᠃   ᠺᠤᠮᠫᠢᠦ᠋ᠲ᠋ᠧᠷ ᠤᠨ ᠳᠤᠰᠬᠠᠢ ᠦᠡᠭᠬᠡ ᠰᠢᠬᠦᠬᠦ ᠰᠢᠯ ᠢ ᠬᠡᠷᠡᠭᠯᠡᠬᠦ       ᠺᠤᠮᠫᠢᠦ᠋ᠲ᠋ᠧᠷ ᠤᠨ ᠳᠡᠯᠬᠡᠴᠠ ᠳᠤ ᠳᠤᠰᠬᠠᠢ ᠦᠡᠭᠬᠡ ᠰᠢᠬᠦᠬᠦ ᠰᠢᠯ ᠢ ᠳᠠᠭᠠᠷᠠᠭᠤᠯᠪᠠᠯ ᠮᠦᠨ ᠳᠡᠯᠬᠡᠴᠠ ᠠᠴᠠ ᠰᠠᠳᠠᠷᠠᠭᠤᠯᠬᠤ ᠰᠠᠴᠤᠷᠠᠭ ᠢ ᠪᠠᠭᠠᠰᠬᠠᠵᠤ ᠴᠢᠳᠠᠨ᠎ᠠ᠃       ᠺᠤᠮᠫᠢᠦ᠋ᠲ᠋ᠧᠷ ᠤᠨ ᠳᠠᠯᠪᠢᠬᠤ ᠪᠠᠶᠢᠷᠢᠯᠠᠯ   ᠺᠤᠮᠫᠢᠦ᠋ᠲ᠋ᠧᠷ ᠤᠨ ᠠᠷᠤ ᠳᠠᠯ᠎ᠠ ᠪᠠ ᠵᠡᠬᠦᠨ ᠪᠠᠷᠠᠭᠤᠨ ᠳᠠᠯ᠎ᠠ ᠠᠴᠠ ᠡᠬᠦᠰᠬᠦ ᠰᠠᠴᠤᠷᠠᠭ ᠨᠢ ᠨᠢᠭᠤᠷ ᠳᠠᠯ᠎ᠠ ᠠᠴᠠ ᠢᠯᠡᠬᠦᠤ ᠪᠠᠶᠢᠳᠠᠭ᠂ ᠡᠶᠢᠮᠤ ᠠᠴᠠ ᠠᠯᠢ ᠴᠢᠳᠠᠬᠤ ᠪᠠᠷ ᠺᠤᠮᠫᠢᠦ᠋ᠲ᠋ᠧᠷ ᠤᠨ ᠠᠷᠤ ᠳᠠᠯ᠎ᠠ ᠶᠢ ᠪᠤᠰᠤᠳ ᠤᠨ ᠵᠦᠭ ᠬᠠᠨᠳᠤᠭᠤᠯᠬᠤ ᠦᠬᠡᠢ᠃       ᠰᠢᠷᠡᠬᠡᠨ ᠳᠡᠬᠡᠷ᠎ᠠ ᠨᠤᠭᠤᠭᠠᠨ ᠤᠷᠭᠤᠮᠠᠯ ᠳᠠᠯᠪᠢᠬᠤ       ᠠᠷᠰᠢ ᠶᠢᠨ ᠠᠯᠠᠭ᠎ᠠ᠂ ᠠᠷᠰᠢ ᠶᠢᠨ ᠪᠦᠮᠪᠦᠭᠡ ᠵᠡᠷᠬᠡ ᠦᠷᠬᠡᠰᠤᠳᠤ ᠤᠷᠭᠤᠮᠠᠯ ᠨᠢ ᠴᠠᠬᠢᠯᠭᠠᠨ ᠰᠤᠷᠢᠨᠵᠢᠨ ᠰᠠᠴᠤᠷᠠᠭ ᠢ ᠰᠢᠩᠬᠡᠬᠡᠬᠦ ᠤᠨᠴᠠᠭᠠᠢ ᠤᠢᠢᠯᠡᠳᠤᠯ ᠲᠠᠢ᠃
 
ᠢᠷᠡᠯᠲᠡ᠄ ᠭᠡᠭᠡᠨ ᠭᠤᠤᠯ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号