ᠭᠡᠭᠡᠨ ᠭᠤᠣᠯ ᠬᠤᠲᠠ ᠶᠢᠨ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠤᠨ ᠬᠠᠯᠳᠠᠪᠤᠷᠢᠯᠠᠯ ᠤᠨ ᠠᠭᠤᠰᠬᠢᠨ ᠦᠷᠪᠢᠰᠦᠯ ᠢ ᠰᠡᠷᠭᠡᠶᠢᠯᠡᠨ ᠬᠢᠵᠠᠭᠠᠷᠯᠠᠬᠤ ᠠᠵᠢᠯ ᠤᠨ ᠵᠢᠯᠣᠭᠤᠳᠬᠤ ᠭᠠᠵᠠᠷ ᠤᠨ ᠵᠠᠷᠯᠠᠯ ﹇2021﹈ 11 ᠳ᠋ᠦ᠋ᠭᠡᠷ ᠲᠣᠭᠠᠲᠤ
ᠨᠡᠶᠢᠲᠡᠯᠡᠭᠰᠡᠨ ᠴᠠᠭ᠄
2021/8/20
  2021 ᠣᠨ ᠤ 8 ᠰᠠᠷ᠎ᠠ ᠶᠢᠨ 19 ᠤ ᠡᠳᠦᠷ ᠤᠨ 0 ᠴᠠᠭ ᠠᠴᠠ ᠡᠬᠢᠯᠡᠨ᠂ ᠬᠠᠶᠢᠯᠠᠷ ᠲᠣᠭᠤᠷᠢᠭ ᠤᠨ ᠹᠧᠨ ᠳ᠋ᠧᠦ ᠪᠠᠯᠭᠠᠰᠤ ᠶᠢᠨ ᠱᠧᠨ ᠪᠦᠦ ᠰᠠᠭᠤᠭᠠᠯᠢ ᠲᠣᠭᠤᠷᠢᠭ ᠢ ᠳᠤᠮᠳᠠ ᠲᠦᠭᠰᠢᠭᠦᠷᠢᠲᠦ ᠭᠠᠵᠠᠷ ᠣᠷᠣᠨ ᠠᠴᠠ ᠲᠦᠭᠰᠢᠭᠦᠷᠢ ᠪᠠᠭᠠᠲᠠᠶ ᠭᠠᠵᠠᠷ ᠣᠷᠣᠨ ᠪᠣᠯᠭᠠᠨ ᠲᠣᠬᠢᠷᠠᠭᠤᠯᠪᠠ᠂ ᠢᠩᠭᠢᠭᠡᠳ ᠬᠥᠯᠥᠨ ᠪᠤᠶᠢᠷ ᠬᠤᠲᠠ ᠶᠢᠨ ᠪᠥᠬᠦ ᠣᠷᠣᠨ ᠪᠦᠰᠡ ᠪᠠᠷ ᠢᠶᠠᠨ ᠴᠥᠮ ᠲᠦᠭᠰᠢᠭᠦᠷᠢ ᠪᠠᠭᠠᠲᠠᠶ ᠭᠠᠵᠠᠷ ᠣᠷᠣᠨ ᠪᠣᠯᠵᠠᠶ᠃  ᠬᠦᠯᠤᠨ ᠪᠤᠶᠢᠷ ᠬᠤᠳᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠨᠢ ᠪᠠᠴᠢᠮ ᠪᠠᠶᠢᠳᠠᠯ ᠢ ᠠᠷᠭᠠᠴᠠᠭᠠᠨ ᠰᠢᠢᠳᠪᠦᠷᠢᠯᠡᠬᠦ ᠠᠴᠠ ᠪᠠᠶᠢᠡᠭᠭᠤᠵᠢᠬᠰᠡᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠶᠢᠳᠠᠯ ᠳᠤ ᠰᠢᠯᠵᠢᠵᠦ᠂ 8 ᠰᠠᠷ᠎ᠠ ᠶᠢᠨ 5 ᠤ ᠡᠳᠦᠷ ᠤᠨ ᠨᠡᠶᠢᠲᠡᠯᠡᠭᠰᠡᠨ ᠬᠦᠯᠤᠨ ᠪᠤᠶᠢᠷ ᠬᠤᠳᠠ ᠶᠢᠨ 24 ᠳ᠋ᠤᠭᠡᠷ ᠲᠣᠭᠠᠲᠤ ᠠᠯᠪᠠᠨ ᠵᠠᠷᠯᠠᠯ ᠢ ᠬᠡᠷᠡᠭᠵᠢᠭᠦᠯᠬᠦ ᠶᠢ ᠵᠣᠭᠰᠣᠭᠠᠪᠠ᠃ ᠡᠭᠦᠨ ᠤ ᠬᠠᠮᠲᠤ᠂ ᠣᠳᠣᠬᠠᠨ ᠤ ᠳᠡᠯᠡᠬᠡᠶ ᠶᠢᠨ ᠪᠠ ᠤᠯᠤᠰ ᠤᠨ ᠳᠣᠲᠣᠭᠠᠳᠤ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠶᠢᠳᠠᠯ ᠮᠥᠨ ᠬᠦ ᠬᠦᠨᠳᠦ ᠬᠡᠴᠡᠭᠦᠦ ᠨᠠᠷᠢᠨ ᠪᠤᠳᠤᠯᠢᠶᠠᠨᠲᠠᠶ ᠪᠠᠶᠢᠳᠠᠯ ᠢ ᠦᠨᠳᠦᠰᠦᠯᠡᠨ᠂ ᠪᠥᠬᠦ ᠬᠤᠲᠠ ᠶᠢᠨ ᠡᠯ᠎ᠡ ᠱᠠᠲᠤ ᠡᠯ᠎ᠡ ᠰᠠᠯᠠᠭ᠎ᠠ ᠮᠥᠴᠢᠷ ᠪᠣᠯᠤᠨ ᠥᠷᠭᠡᠨ ᠣᠯᠠᠨ ᠬᠤᠲᠠ ᠶᠢᠨ ᠠᠷᠠᠳ ᠢᠮᠠᠭᠲᠠ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠴᠢᠪᠬᠠᠳᠠᠰᠤ ᠪᠠᠨ ᠴᠢᠩᠭᠠᠯᠠᠵᠤ᠂ ᠰᠡᠷᠭᠡᠶᠢᠯᠡᠨ ᠡᠵᠡᠮᠳᠡᠬᠦ ᠴᠢᠩᠭ᠎ᠠ ᠠᠷᠭ᠎ᠠ ᠬᠡᠮᠵᠢᠶ᠎ᠡ ᠶᠢ ᠦᠷᠭᠦᠯᠵᠢᠯᠡᠨ ᠨᠠᠶᠢᠳᠠᠪᠤᠷᠢᠵᠢᠭᠤᠯᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠰᠡᠷᠭᠡᠶᠢᠯᠡᠯᠳᠡ ᠶᠢᠨ ᠱᠤᠭᠤᠮ ᠢ ᠡᠷᠡᠰ ᠪᠠᠬᠢᠵᠢᠭᠦᠯᠵᠦ᠂ ᠰᠡᠷᠭᠡᠶᠢᠯᠡᠨ ᠡᠵᠡᠮᠳᠡᠭᠰᠡᠨ ᠦᠷ᠎ᠡ ᠪᠦᠲᠦᠭᠡᠯ ᠢᠶᠠᠨ ᠦᠷᠭᠦᠯᠵᠢᠯᠡᠨ ᠪᠠᠬᠢᠵᠢᠭᠦᠯᠬᠦ ᠬᠡᠷᠡᠭᠲᠡᠶ᠃ ᠡᠳᠦᠭᠡ ᠬᠤᠯᠪᠣᠭᠳᠠᠯ ᠪᠥᠬᠦᠶ ᠵᠦᠢᠯᠡᠰ ᠢ ᠳᠤᠤᠷᠠᠬᠢ ᠮᠡᠲᠦ ᠵᠠᠷᠯᠠᠶ᠎ᠠ᠄       ᠨᠢᠭᠡ᠂ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠶᠢ ᠴᠢᠩᠳᠠᠯᠠᠨ᠎ᠠ᠃ ᠤᠯᠤᠰ ᠤᠨ ᠳᠣᠲᠣᠭᠠᠳᠤ ᠶᠢᠨ ᠪᠤᠰᠤᠳ ᠭᠠᠵᠠᠷ ᠣᠷᠣᠨ ᠤ ᠣᠨᠣᠰᠢᠯᠠᠭᠳᠠᠭᠰᠠᠨ ᠡᠪᠡᠳᠴᠢᠲᠡᠨ ᠲᠠᠢ ᠨᠢᠭᠲᠠ ᠣᠶᠢᠷᠠᠲᠤᠭᠰᠠᠳ ᠲᠤ 14 ᠡᠳᠦᠷ ᠲᠥᠪᠯᠡᠷᠡᠭᠦᠯᠦᠨ ᠲᠤᠰᠠᠭᠠᠷᠯᠠᠬᠤ + 5 ᠤᠳᠠᠭ᠎ᠠ ᠪᠥᠭᠡᠮ ᠬᠦᠴᠢᠯ ᠤᠨ ᠪᠠᠶᠢᠴᠠᠭᠠᠨ ᠰᠢᠯᠭᠠᠯᠳᠠ ᠬᠢᠵᠦ᠂ ᠲᠤᠰᠠᠭᠠᠷᠯᠠᠯ ᠢ ᠲᠠᠶᠢᠯᠤᠭᠰᠠᠨ ᠤ ᠳᠠᠷᠠᠭ᠎ᠠ 7 ᠡᠳᠦᠷ ᠬᠡᠷ ᠲᠡᠭᠡᠨ ᠡᠷᠡᠭᠦᠯ ᠮᠡᠨᠳᠦ ᠶᠢᠨ ᠬᠢᠨᠠᠨ ᠬᠡᠮᠵᠢᠯᠳᠡ + 2 ᠤᠳᠠᠭ᠎ᠠ ᠪᠥᠭᠡᠮ ᠬᠦᠴᠢᠯ ᠤᠨ ᠪᠠᠶᠢᠴᠠᠭᠠᠨ ᠰᠢᠯᠭᠠᠯᠳᠠ ᠬᠢᠨ᠎ᠠ︔ ᠨᠢᠭᠲᠠ ᠤᠶᠢᠷᠠᠲᠤᠭᠰᠠᠳ ᠤᠨ ᠨᠢᠭᠲᠠ ᠤᠶᠢᠷᠠᠲᠤᠭᠰᠠᠨ ᠢ ᠲᠤᠰᠠᠭᠠᠷᠯᠠᠬᠤ ᠠᠨᠠᠭᠠᠬᠤ ᠤᠬᠠᠭᠠᠨ ᠤ ᠠᠵᠢᠭᠯᠠᠯᠲᠠ ᠶᠢᠨ ᠬᠤᠭᠤᠴᠠᠭ᠎ᠠ ᠶᠢ ᠨᠢᠭᠲᠠ ᠣᠶᠢᠷᠠᠲᠤᠭᠰᠠᠳ ᠤᠨ ᠪᠥᠭᠡᠮ ᠬᠦᠴᠢᠯ ᠤᠨ ᠪᠠᠶᠢᠴᠠᠭᠠᠨ ᠰᠢᠯᠭᠠᠯᠳᠠ ᠶᠢᠨ ᠦᠷ᠎ᠡ ᠳ᠋ᠦᠩ ᠵᠢᠴᠢ ᠬᠤᠯᠪᠣᠭᠳᠠᠯ ᠪᠥᠬᠦᠶ ᠲᠣᠭᠲᠠᠭᠠᠯ ᠢ ᠦᠨᠳᠦᠰᠦᠯᠡᠨ ᠲᠣᠭᠲᠠᠭᠠᠨ᠎ᠠ᠃ ᠤᠯᠤᠰ ᠤᠨ ᠳᠣᠲᠣᠭᠠᠳᠤ ᠶᠢᠨ ᠲᠦᠭᠰᠢᠭᠦᠷᠢ ᠶᠡᠬᠡᠲᠡᠶ ᠭᠠᠵᠠᠷ ᠣᠷᠣᠨ ᠠᠴᠠ ᠮᠠᠨ ᠤ ᠬᠤᠲᠠ ᠳᠤ ᠪᠤᠴᠠᠵᠤ ᠢᠷᠡᠭᠰᠡᠳ ᠲᠤ 14 ᠡᠳᠦᠷ ᠤᠨ ᠲᠥᠪᠯᠡᠷᠡᠭᠦᠯᠦᠨ ᠲᠤᠰᠠᠭᠠᠷᠯᠠᠬᠤ + 5 ᠤᠳᠠᠭ᠎ᠠ ᠶᠢᠨ ᠪᠥᠭᠡᠮ ᠬᠦᠴᠢᠯ ᠤᠨ ᠪᠠᠶᠢᠴᠠᠭᠠᠨ ᠰᠢᠯᠭᠠᠯᠳᠠ ᠶᠢ ᠬᠡᠷᠡᠭᠵᠢᠭᠦᠯᠵᠦ᠂ ᠤᠯᠤᠰ ᠤᠨ ᠳᠣᠲᠣᠭᠠᠳᠤ ᠶᠢᠨ ᠳᠤᠮᠳᠠ ᠲᠦᠭᠰᠢᠭᠦᠷᠢᠳᠡᠢ ᠭᠠᠵᠠᠷ ᠣᠷᠣᠨ ᠠᠴᠠ ᠮᠠᠨ ᠤ ᠬᠤᠲᠠ ᠳᠤ ᠪᠤᠴᠠᠵᠤ ᠢᠷᠡᠭᠰᠡᠳ ᠲᠤ 14 ᠡᠳᠦᠷ ᠤᠨ ᠬᠡᠷ ᠲᠡᠭᠡᠨ ᠲᠤᠰᠠᠭᠠᠷᠯᠠᠬᠤ + 5 ᠤᠳᠠᠭ᠎ᠠ ᠶᠢᠨ ᠪᠥᠭᠡᠮ ᠬᠦᠴᠢᠯ ᠤᠨ ᠪᠠᠶᠢᠴᠠᠭᠠᠨ ᠰᠢᠯᠭᠠᠯᠳᠠ ᠶᠢ ᠬᠡᠷᠡᠭᠵᠢᠭᠦᠯᠦᠨ᠎ᠡ ᠂ ᠡᠭᠦᠨ ᠳᠤ 14 ᠡᠳᠦᠷ ᠤᠨ ᠳᠣᠲᠣᠷ᠎ᠠ ᠳᠡᠭᠡᠷ᠎ᠡ ᠳᠤᠷᠠᠳᠤᠭᠰᠠᠨ ᠭᠠᠵᠠᠷ ᠣᠷᠣᠨ ᠳᠤ ᠵᠢᠭᠤᠯᠴᠢᠯᠠᠭᠰᠠᠨ ᠬᠥᠮᠦᠰ ᠢ ᠪᠠᠭᠲᠠᠭᠠᠨ᠎ᠠ᠃ ᠳᠤᠮᠳᠠ ᠥᠨᠳᠥᠷ ᠲᠦᠭᠰᠢᠭᠦᠷᠢᠲᠡᠶ ᠭᠠᠵᠠᠷ ᠣᠷᠣᠨ ᠤ ᠪᠠᠶᠢᠭ᠎ᠠ ᠬᠤᠲᠠ ︵ᠭᠠᠵᠠᠷ ᠤᠨ ᠲᠠᠰ ᠵᠢᠴᠢ ᠲᠡᠭᠦᠨ ᠠᠴᠠ ᠳᠡᠭᠡᠭᠰᠢᠬᠢ ᠬᠤᠲᠠ᠂ ᠳᠣᠷᠣᠭᠰᠢ ᠠᠳᠠᠯᠢ︶ ᠠᠴᠠ ᠮᠠᠨ ᠤ ᠬᠤᠲᠠ ᠳᠤ ᠢᠷᠡᠵᠦ ᠪᠤᠴᠠᠬᠤ ᠪᠤᠶᠤ ᠦᠩᠭᠡᠷᠡᠬᠦ ᠬᠥᠮᠦᠰ ᠡᠷᠬᠡᠪᠰᠢ 48 ᠴᠠᠭ ᠤᠨ ᠳᠣᠲᠣᠷᠠᠬᠢ ᠪᠥᠭᠡᠮ ᠬᠦᠴᠢᠯ ᠤᠨ ᠪᠠᠶᠢᠴᠠᠭᠠᠨ ᠰᠢᠯᠭᠠᠯᠳᠠ ᠨᠢ ᠪᠢᠯᠢᠭ ᠴᠢᠨᠠᠷ ᠤᠨ ᠭᠡᠷᠡᠴᠢ ᠪᠠᠨ ᠠᠪᠴᠤ᠂ ᠬᠡᠷᠪᠡ ᠬᠠᠩᠭᠠᠵᠤ ᠳᠡᠶᠢᠯᠬᠦ ᠥᠬᠡᠶ ᠪᠣᠯ᠂ ᠮᠠᠨ ᠤ ᠬᠤᠲᠠ ᠳᠤ ᠬᠦᠷᠦᠭᠰᠡᠨ ᠤ ᠳᠠᠷᠠᠭ᠎ᠠ ᠲᠡᠷᠡ ᠳᠠᠷᠤᠶ ᠳᠤᠨᠢ ᠲᠥᠪᠯᠡᠷᠡᠭᠦᠯᠦᠨ ᠲᠤᠰᠠᠭᠠᠷᠯᠠᠬᠤ ᠶᠢᠨ ᠬᠠᠮᠲᠤ ᠪᠥᠭᠡᠮ ᠬᠦᠴᠢᠯ ᠤᠨ ᠪᠠᠶᠢᠴᠠᠭᠠᠨ ᠰᠢᠯᠭᠠᠯᠳᠠ ᠬᠢᠵᠦ᠂ 24 ᠴᠠᠭ ᠤᠨ ᠳᠣᠲᠣᠷ᠎ᠠ ᠦᠷ᠎ᠡ ᠳ᠋ᠦᠩ ᠭᠠᠷᠭᠠᠵᠤ᠂ ᠦᠷ᠎ᠡ ᠳ᠋ᠦᠩ ᠨᠢ ᠪᠢᠯᠢᠭ ᠴᠢᠨᠠᠷᠲᠠᠶ ᠪᠠᠶᠢᠵᠤ᠂ ᠬᠤᠪᠢ ᠬᠥᠮᠦᠨ ᠤ ᠰᠡᠷᠭᠡᠶᠢᠯᠡᠯᠲᠡ ᠬᠠᠮᠠᠭᠠᠯᠠᠯᠲᠠ ᠪᠠ ᠡᠷᠡᠭᠦᠯ ᠮᠡᠨᠳᠦ ᠶᠢᠨ ᠬᠢᠨᠠᠨ ᠬᠡᠮᠵᠢᠯᠲᠡ ᠶᠢ ᠰᠠᠶᠢᠲᠤᠷ ᠬᠢᠭᠰᠡᠨ ᠤᠷᠢᠲᠠᠯ ᠳᠤᠤᠷ᠎ᠠ ᠡᠮᠬᠢ ᠵᠢᠷᠤᠮ ᠲᠠᠢ ᠪᠠᠷ ᠶᠠᠪᠤᠵᠦ ᠰᠠᠭᠤᠵᠤ ᠪᠤᠯᠤᠨ᠎ᠠ᠃   ᠬᠤᠶᠠᠷ᠂ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠶᠢ ᠴᠢᠩᠭᠠᠷᠠᠭᠤᠯᠤᠨ᠎ᠠ᠃ ᠪᠥᠬᠦ ᠬᠤᠲᠠ ᠶᠢᠨ ᠨᠢᠰᠬᠡᠯ ᠤᠨ ᠪᠠᠭᠤᠳᠠᠯ᠂ ᠭᠠᠯᠲᠤ ᠲᠡᠷᠭᠡᠨ ᠥᠷᠲᠡᠭᠡ᠂ ᠠᠶᠠᠨᠴᠢᠳ ᠤᠨ ᠲᠡᠭᠡᠭᠡᠪᠦᠷᠢ ᠶᠢᠨ ᠥᠷᠲᠡᠭᠡ ᠪᠣᠯᠤᠨ ᠬᠤᠲᠠ ᠶᠢᠨ ᠲᠣᠭᠤᠷᠢᠭ ᠤᠨ ᠣᠷᠣᠵᠤ ᠭᠠᠷᠬᠤ ᠭᠠᠵᠠᠷ ᠤᠨ ᠪᠠᠶᠢᠴᠠᠭᠠᠬᠤ ᠥᠷᠲᠡᠭᠡ ᠵᠡᠷᠭᠡ ᠭᠤᠤᠯᠳᠠᠯᠭ᠎ᠠ ᠲᠠᠢ ᠭᠤᠭᠴᠤᠭ᠎ᠠ ᠳᠤ ᠳᠤᠮᠳᠠ ᠥᠨᠳᠥᠷ ᠲᠦᠭᠰᠢᠭᠦᠷᠢᠲᠡᠶ ᠭᠠᠵᠠᠷ ᠣᠷᠣᠨ ᠵᠢᠴᠢ ᠲᠡᠭᠦᠨ ᠤ ᠪᠠᠶᠢᠭ᠎ᠠ ᠬᠤᠲᠠ ᠪᠠᠷ ᠳᠡᠮᠵᠢᠨ ᠮᠠᠨ ᠤ ᠬᠤᠲᠠ ᠳᠤ ᠢᠷᠡᠭᠰᠡᠨ ᠬᠥᠮᠦᠰ ᠢ ᠴᠢᠩᠭ᠎ᠠ ᠵᠢᠭᠰᠠᠭᠠᠨ ᠪᠠᠶᠢᠴᠠᠭᠠᠵᠤ᠂ ᠺᠣᠳ᠋ ᠰᠢᠷᠪᠢᠵᠦ ᠪᠡᠶ᠎ᠡ ᠶᠢᠨ ᠬᠠᠯᠠᠭᠤᠨ ᠢ ᠬᠡᠮᠵᠢᠬᠦ᠂ ᠮᠡᠳᠡᠭᠡ ᠵᠠᠩᠭᠢ ᠶᠢ ᠳᠠᠩᠰᠠᠯᠠᠬᠤ᠂ ᠡᠷᠡᠭᠦᠯ ᠮᠡᠨᠳᠦ ᠶᠢᠨ ᠬᠢᠨᠠᠨ ᠬᠡᠮᠵᠢᠯᠲᠡ ᠪᠠ ᠮᠡᠳᠡᠭᠡ ᠵᠠᠩᠭᠢ ᠶᠢᠨ ᠮᠡᠳᠡᠭᠦᠯᠦᠯᠲᠡ ᠶᠢ ᠰᠠᠶᠢᠲᠤᠷ ᠬᠢᠵᠦ᠂ ᠵᠣᠬᠢᠴᠠᠩᠭᠤᠶ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠨ᠎ᠠ᠃ ᠬᠥᠯᠥᠨ ᠪᠤᠶᠢᠷ ᠬᠤᠲᠠ ᠶᠢᠨ ᠬᠡᠪᠴᠢᠶᠡᠨ ᠳᠤᠳᠤᠷᠠᠬᠢ ᠬᠥᠮᠦᠰ ᠤᠨ ᠵᠠᠮ ᠬᠠᠷᠢᠯᠴᠠᠭᠠᠨ ᠤ ᠲᠠᠯᠠᠪᠤᠷ ᠥᠷᠲᠡᠭᠡ ᠪᠠ ᠪᠠᠶᠢᠴᠠᠭᠠᠬᠤ ᠥᠷᠲᠡᠭᠡ ᠪᠠᠷ ᠳᠠᠮᠵᠢᠬᠤ ᠳᠤ ᠪᠥᠭᠡᠮ ᠬᠦᠴᠢᠯ ᠤᠨ ᠪᠠᠶᠢᠴᠠᠭᠠᠨ ᠰᠢᠯᠭᠠᠯᠳᠠ ᠶᠢᠨ ᠮᠡᠳᠡᠭᠦᠯᠦᠯᠲᠡ ᠶᠢ ᠳᠠᠭᠢᠵᠤ ᠪᠠᠶᠢᠴᠠᠭᠠᠨ ᠰᠢᠯᠭᠠᠬᠤ ᠥᠬᠡᠶ᠃ ᠡᠯ᠎ᠡ ᠭᠠᠵᠠᠷ ᠤᠳ ᠨᠡᠶᠢᠭᠡᠮ ᠲᠣᠭᠤᠷᠢᠭ ︵ᠭᠠᠴᠠᠭ᠎ᠠ ᠲᠣᠰᠬᠤᠨ︶ ᠤᠨ ᠬᠠᠮᠢᠶᠠᠷᠤᠨ ᠡᠵᠡᠮᠳᠡᠬᠦ ᠶᠢ ᠴᠢᠩᠭᠠᠳᠬᠠᠵᠤ᠂ ᠭᠠᠳᠠᠨ᠎ᠠ ᠠᠴᠠ ᠢᠷᠡᠭᠰᠡᠨ ᠬᠥᠮᠦᠰ ᠰᠠᠭᠤᠭᠠᠯᠢ ᠲᠣᠭᠤᠷᠢᠭ ︵ᠭᠠᠴᠠᠭ᠎ᠠ ᠲᠣᠰᠬᠤᠨ︶ ᠲᠤ ᠣᠷᠣᠬᠤ ᠳᠤ ᠪᠡᠶ᠎ᠡ ᠶᠢᠨ ᠬᠠᠯᠠᠭᠤᠨ ᠢ ᠬᠡᠮᠵᠢᠬᠦ᠂ ᠺᠣᠳ᠋ ᠰᠢᠷᠪᠢᠬᠦ᠂ ᠳᠠᠩᠰᠠᠯᠠᠬᠤ ᠵᠡᠷᠭᠡ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠨ᠎ᠠ᠃ ᠡᠮᠴᠢᠯᠡᠭᠡᠨ ᠤ ᠪᠠᠶᠢᠭᠤᠯᠤᠮᠵᠢ ᠨᠢ ᠤᠷᠢᠳᠴᠢᠯᠠᠨ ᠪᠠᠶᠢᠴᠠᠭᠠᠵᠤ ᠰᠠᠯᠭᠠᠨ ᠣᠨᠣᠰᠢᠯᠠᠬᠤ ᠪᠠ ᠠᠩᠬ᠎ᠠ ᠣᠨᠣᠰᠢᠯᠠᠬᠤ ᠬᠠᠷᠢᠭᠤᠴᠠᠯᠭ᠎ᠠ ᠶᠢᠨ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠬᠠᠯᠠᠭᠤᠷᠠᠯ ᠤᠨ ᠡᠭᠦᠳᠡᠨ ᠡᠮᠨᠡᠯᠭᠡ ︵ᠡᠮᠴᠢᠯᠡᠭᠡᠨ ᠤ ᠲᠠᠰᠤᠭ︶ ᠶᠢᠨ ᠡᠪᠡᠳᠴᠢᠲᠡᠨ ᠢ ᠪᠥᠭᠡᠮ ᠬᠦᠴᠢᠯ ᠤᠨ ᠪᠠᠶᠢᠴᠠᠭᠠᠨ ᠰᠢᠯᠭᠠᠯᠳᠠ ᠶᠢᠨ ᠦᠷ᠎ᠡ ᠳ᠋ᠦᠩ ᠢ ᠬᠠᠷᠢᠭᠤ ᠲᠤᠰᠬᠠᠬᠤ ᠠᠴᠠ ᠡᠮᠦᠨ᠎ᠡ ᠡᠷᠬᠡᠪᠰᠢ ᠲᠤᠰᠠᠭᠠᠷᠯᠠᠵᠤ ᠦᠯᠡᠳᠡᠭᠡᠨ ᠠᠵᠢᠭᠯᠠᠬᠤ ᠬᠡᠷᠡᠭᠲᠡᠶ᠃ ᠵᠢᠵᠢᠭᠯᠡᠨ ᠬᠤᠳᠠᠯᠳᠤᠬᠤ ᠡᠮ ᠤᠨ ᠳᠡᠯᠭᠡᠭᠦᠷ ︵ᠰᠦᠯᠵᠢᠶᠡᠨ ᠪᠤᠷᠤᠯᠠᠭᠤᠯᠭ᠎ᠠ ᠪᠠᠭᠲᠠᠨ᠎ᠠ︶ ᠤᠨ ᠬᠠᠯᠠᠭᠤᠨ ᠢ ᠪᠠᠭᠤᠷᠠᠭᠤᠯᠬᠤ᠂ ᠬᠠᠨᠢᠶᠠᠳᠤ ᠶᠢ ᠵᠣᠭᠰᠣᠭᠠᠬᠤ᠂ ᠸᠢᠷᠦ᠋ᠰ ᠢ ᠳᠠᠷᠤᠬᠤ ᠪᠠ ᠨᠢᠶᠠᠨ ᠳᠠᠷᠤᠭᠴᠢ ᠵᠡᠷᠭᠡ 4 ᠲᠥᠷᠥᠯ ᠤᠨ ᠡᠮ ᠢ ᠪᠣᠷᠣᠯᠠᠭᠤᠯᠬᠤ ᠳᠤ ᠦᠨᠡᠨ ᠨᠡᠷ᠎ᠡ ᠪᠠᠷ ᠢᠶᠠᠨ ᠳᠠᠩᠰᠠᠯᠠᠭᠤᠯᠬᠤ ᠬᠡᠷᠡᠭᠲᠡᠶ᠃   ᠭᠤᠷᠪᠠ᠂ ᠬᠦᠮᠦᠰ ᠤᠨ ᠬᠤᠷᠠᠨ ᠴᠤᠭᠯᠠᠷᠠᠬᠤ ᠶᠢ ᠡᠵᠡᠮᠳᠡᠨ᠎ᠡ᠃ ᠪᠥᠬᠦ ᠬᠤᠲᠠ ᠶᠢᠨ ᠦᠵᠡᠮᠵᠢ ᠶᠢᠨ ᠣᠷᠣᠨ ᠦᠵᠡᠮᠵᠢ ᠶᠢᠨ ᠴᠡᠭ ᠪᠠ ᠨᠣᠮ ᠤᠨ ᠰᠠᠩ᠂ ᠺᠢᠨᠣ᠋ ᠵᠦᠴᠦᠭᠡ ᠶᠢᠨ ᠬᠦᠷᠢᠶᠡᠯᠡᠩ᠂ ᠳᠠᠭᠤᠤ ᠬᠥᠭᠵᠢᠮ ᠤᠨ ᠲᠢᠩᠬᠢᠮ᠂ ᠰᠦᠯᠵᠢᠶᠡᠨ ᠤ ᠪᠠᠭᠠᠷ᠂ ᠪᠡᠶ᠎ᠡ ᠴᠢᠭᠢᠷᠠᠭᠵᠢᠭᠤᠯᠬᠤ ᠬᠡᠷ᠂ ᠰᠢᠲᠠᠷ᠎ᠠ ᠬᠥᠵᠥᠷ ᠤᠨ ᠦᠷᠦᠭᠡ᠂ ᠣᠯᠠᠨ ᠨᠡᠶᠢᠲᠡ ᠶᠢᠨ ᠤᠬᠢᠶᠠᠯᠭ᠎ᠠ ᠶᠢᠨ ᠲᠠᠰᠤᠭ ᠵᠡᠷᠭᠡ ᠵᠤᠭ᠎ᠠ ᠴᠡᠩᠭᠡᠯ ᠤᠨ ᠲᠠᠯᠠᠪᠤᠷ᠂ ᠱᠠᠰᠢᠨ ᠰᠤᠷᠲᠠᠬᠤᠨ ᠤ ᠲᠠᠯᠠᠪᠤᠷ᠂ ᠪᠣᠯᠪᠠᠰᠤᠷᠠᠯ ᠤᠨ ᠪᠠᠶᠢᠭᠤᠯᠤᠮᠵᠢ᠂ ᠬᠤᠪᠢ ᠶᠢᠨ ᠡᠮᠴᠢᠯᠡᠭᠡᠨ ᠤ ᠭᠠᠵᠠᠷ ᠵᠡᠷᠭᠡ ᠶᠢ ᠤᠷᠢᠳᠴᠢᠯᠠᠨ ᠪᠣᠯᠵᠣᠵᠤ ᠴᠤᠪᠤᠷᠠᠯ ᠢ ᠬᠢᠵᠠᠭᠠᠷᠯᠠᠬᠤ᠂ ᠠᠷᠢᠭᠤᠳᠬᠠᠬᠤ ᠪᠠ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠰᠠᠶᠢᠲᠤᠷ ᠬᠢᠭᠰᠡᠨ ᠤᠷᠢᠲᠠᠯ ᠳᠤᠤᠷ᠎ᠠ ᠡᠮᠬᠢ ᠵᠢᠷᠤᠮ ᠲᠠᠢ ᠪᠠᠷ ᠴᠢᠯᠥᠭᠡᠲᠡᠶ ᠨᠡᠭᠡᠭᠡᠨ᠎ᠡ᠃ ᠵᠣᠴᠢᠳ ᠤᠨ ᠪᠠᠭᠤᠳᠠᠯ᠂ ᠬᠤᠳᠠᠯᠳᠤᠭᠠᠨ ᠤ ᠲᠠᠯᠠᠪᠤᠷ᠂ ᠬᠡᠲᠦ ᠳᠡᠯᠭᠡᠭᠦᠷ ᠵᠡᠷᠭᠡ ᠡᠯ᠎ᠡ ᠲᠥᠷᠥᠯ ᠤᠨ ᠬᠥᠮᠦᠰ ᠬᠤᠷᠠᠵᠤ ᠴᠤᠭᠯᠠᠷᠠᠬᠤ ᠭᠠᠵᠠᠷ ᠲᠠᠯᠠᠪᠤᠷ ᠤᠳ ᠲᠤ ᠡᠷᠬᠡᠪᠰᠢ ᠺᠣᠳ᠋ ᠰᠢᠷᠪᠢᠵᠦ ᠪᠡᠶ᠎ᠡ ᠶᠢᠨ ᠬᠠᠯᠠᠭᠤᠨ ᠢ ᠬᠡᠮᠵᠢᠬᠦ᠂ ᠠᠮᠠᠪᠴᠢ ᠵᠡᠭᠦᠬᠦ᠂ ᠠᠮᠤᠷ ᠲᠦᠪᠰᠢᠨ ᠨᠡᠶᠢᠭᠡᠮ ᠤᠨ ᠬᠠᠷᠢᠯᠴᠠᠭᠠᠨ ᠤ ᠵᠠᠶ ᠶᠢ ᠪᠠᠲᠤᠯᠠᠬᠤ ᠵᠡᠷᠭᠡ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠵᠤ᠂ ᠬᠦᠮᠦᠨ ᠤ ᠤᠷᠤᠰᠬᠠᠯ ᠢ ᠴᠢᠩᠭ᠎ᠠ ᠬᠢᠵᠠᠭᠠᠷᠯᠠᠨ᠂ ᠣᠷᠣᠵᠤ ᠭᠠᠷᠬᠤ ᠨᠡᠪᠲᠡᠷᠡᠯ ᠵᠠᠮ ᠢ ᠬᠤᠪᠢᠶᠠᠷᠢᠯᠠᠵᠤ ᠭᠠᠷᠭᠠᠨ᠎ᠠ᠃ ᠨᠠᠰᠤᠲᠠᠶᠢᠴᠤᠳ ᠤᠨ ᠬᠦᠷᠢᠶᠡᠯᠡᠩ᠂ ᠠᠰᠠᠷᠠᠮᠵᠢ ᠶᠢᠨ ᠬᠦᠷᠢᠶᠡᠯᠡᠩ᠂ ᠬᠤᠷᠢᠭᠤᠯ ᠤᠨ ᠭᠠᠵᠠᠷ᠂ ᠣᠶᠤᠨ ᠮᠡᠳᠡᠷᠡᠯ ᠤᠨ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠨᠤᠭᠤᠳ ᠡᠷᠭᠢᠵᠦ ᠦᠵᠡᠬᠦ ᠬᠠᠮᠢᠶᠠᠷᠤᠯᠲᠠ ᠶᠢ ᠴᠢᠩᠭᠠᠳᠬᠠᠨ᠎ᠠ᠃ 50 ᠬᠦᠮᠦᠨ ᠠᠴᠠ ᠳᠡᠭᠡᠭᠰᠢᠬᠢ ᠬᠤᠷᠠᠯ ᠪᠠ ᠠᠵᠢᠯᠯᠠᠭ᠎ᠠ ᠡᠷᠭᠢᠯᠡᠬᠦ ᠳᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠤᠰᠬᠠᠶ ᠲᠥᠰᠦᠯ ᠲᠣᠭᠲᠠᠭᠠᠬᠤ ᠶᠢᠨ ᠬᠠᠮᠲᠤ ᠬᠠᠷᠢᠶ᠎ᠠ ᠭᠠᠵᠠᠷ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠲᠤ ᠮᠡᠳᠡᠭᠦᠯᠵᠦ᠂ ᠵᠥᠪᠰᠢᠶᠡᠷᠡᠭᠦᠯᠦᠭᠰᠡᠨ ᠤ ᠳᠠᠷᠠᠭ᠎ᠠ ᠰᠠᠶ᠋ᠢ ᠡᠷᠭᠢᠯᠡᠵᠦ ᠪᠣᠯᠤᠨ᠎ᠠ᠃    ᠳᠥᠷᠪᠡ᠂ ᠬᠥᠮᠦᠨ ᠬᠠᠷ᠎ᠠ ᠶᠢᠨ ᠰᠢᠯᠵᠢᠯᠳᠡ ᠶᠢ ᠪᠠᠭᠠᠰᠬᠠᠨ᠎ᠠ᠃ ᠤᠯᠤᠰ ᠤᠨ ᠳᠣᠲᠣᠭᠠᠳᠤ ᠭᠠᠳᠠᠭᠠᠳᠤ ᠶᠢᠨ ᠬᠢᠵᠢᠭ ᠤᠨ ᠪᠠᠶᠢᠳᠠᠯ ᠢ ᠦᠨᠳᠦᠰᠦᠯᠡᠨ᠂ ᠥᠷᠭᠡᠨ ᠣᠯᠠᠨ ᠬᠤᠲᠠ ᠶᠢᠨ ᠠᠷᠠᠳ ᠣᠶᠢᠷ᠎ᠠ ᠶᠢᠨ ᠬᠤᠭᠤᠴᠠᠭᠠᠨ ᠳᠤ ᠴᠢᠬᠤᠯᠠ ᠪᠤᠰᠤ ᠪᠠᠶᠢᠳᠠᠯ ᠳᠤ ᠭᠠᠳᠠᠭᠰᠢ ᠭᠠᠷᠬᠤ ᠥᠬᠡᠶ᠂ ᠲᠣᠰ ᠭᠠᠵᠠᠷ ᠣᠷᠣᠨ ᠤ ᠬᠢᠵᠢᠭ ᠤᠨ ᠪᠠᠶᠢᠳᠠᠯ ᠭᠠᠷᠤᠭᠰᠠᠨ ᠬᠤᠲᠠ ᠪᠠ ᠭᠠᠵᠠᠷ ᠣᠷᠣᠨ ᠳᠤ ᠣᠴᠢᠬᠤ ᠥᠬᠡᠶ᠂ ᠲᠥᠷᠥᠯ ᠰᠠᠳᠤᠨ ᠢᠶᠠᠨ ᠡᠷᠭᠢᠵᠦ ᠦᠵᠡᠬᠦ ᠥᠬᠡᠶ᠂ ᠬᠡᠷᠪᠡ ᠡᠷᠬᠡᠪᠰᠢ ᠣᠴᠢᠬᠤ ᠴᠢᠬᠤᠯᠠᠲᠠᠶ ᠪᠣᠯ᠂ ᠠᠵᠢᠯᠯᠠᠬᠤ ᠨᠢᠭᠡᠴᠢ ᠪᠤᠶᠤ ᠪᠠᠶᠢᠭ᠎ᠠ ᠭᠠᠵᠠᠷ ᠤᠨ ᠢᠶᠠᠨ ᠨᠡᠶᠢᠭᠡᠮ ᠲᠣᠭᠤᠷᠢᠭ ︵ᠭᠠᠴᠠᠭ᠎ᠠ ᠲᠣᠰᠬᠤᠨ︶ ᠲᠤ ᠤᠷᠢᠳᠴᠢᠯᠠᠨ ᠮᠡᠳᠡᠭᠦᠯᠵᠦ ᠳᠠᠩᠰᠠᠯᠠᠭᠤᠯᠬᠤ ᠬᠡᠷᠡᠭᠲᠡᠶ᠂ ᠨᠠᠮ ᠵᠠᠰᠠᠭ ᠤᠨ ᠪᠠᠶᠢᠭᠤᠯᠭ᠎ᠠ ᠶᠢᠨ ᠠᠵᠢᠯᠲᠠᠨ᠂ ᠤᠯᠤᠰ ᠤᠨ ᠥᠮᠴᠢᠯᠡᠯ ᠤᠨ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠶᠢᠨ ᠠᠵᠢᠯᠲᠠᠨ ᠠᠵᠢᠯᠴᠢᠨ ᠲᠦᠷᠦᠭᠦᠯᠡᠨ ᠬᠡᠷᠡᠭᠵᠢᠬᠦᠯᠦᠨ᠎ᠡ᠂ ᠦᠨᠡᠨ ᠬᠦ ᠣᠴᠢᠬᠤ ᠴᠢᠬᠤᠯᠠᠲᠠᠶ ᠪᠣᠯ᠂ ᠪᠠᠶᠢᠭ᠎ᠠ ᠨᠢᠭᠡᠴᠢ ᠠᠴᠠ ᠨᠢ ᠬᠢᠨᠠᠨ ᠵᠥᠪᠰᠢᠶᠡᠷᠡᠬᠦ ᠬᠠᠮᠢᠶᠠᠷᠤᠯᠲᠠ ᠶᠢ ᠴᠢᠩᠳᠠᠯᠠᠵᠤ᠂ ︽ᠬᠡᠨ ᠬᠢᠨᠠᠨ ᠵᠥᠪᠰᠢᠶᠡᠷᠡᠪᠡᠯ᠂ ᠬᠡᠨ ᠬᠠᠷᠢᠭᠤᠴᠠᠬᠤ︾ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ᠂ ᠪᠤᠴᠠᠵᠤ ᠢᠷᠡᠭᠰᠡᠨ ᠤ ᠳᠠᠷᠠᠭ᠎ᠠ ᠱᠠᠭᠠᠷᠳᠠᠯᠭ᠎ᠠ ᠶᠣᠰᠣᠭᠠᠷ ᠲᠤᠰᠠᠭᠠᠷᠯᠠᠨ ᠬᠢᠨᠠᠨ ᠬᠡᠮᠵᠢᠬᠦ ᠪᠠ ᠪᠥᠭᠡᠮ ᠬᠦᠴᠢᠯ ᠤᠨ ᠪᠠᠶᠢᠴᠠᠭᠠᠨ ᠰᠢᠯᠭᠠᠯᠳᠠ ᠬᠢᠬᠦ ᠬᠡᠷᠡᠭᠲᠡᠶ᠃ ᠰᠤᠷᠭᠠᠨ ᠬᠥᠮᠦᠵᠢᠯ ᠤᠨ ᠰᠠᠯᠠᠭ᠎ᠠ ᠮᠥᠴᠢᠷ ᠪᠣᠯᠤᠨ ᠰᠤᠷᠭᠠᠭᠤᠯᠢ ᠨᠤᠭᠤᠳ ᠵᠣᠨ ᠤ ᠠᠮᠠᠷᠠᠯᠲᠠ ᠶᠢᠨ ᠬᠤᠭᠤᠴᠠᠭᠠᠨ ᠳᠤ ᠬᠤᠲᠠ ᠠᠴᠠ ᠰᠠᠯᠵᠤ ᠨᠤᠲᠤᠭ ᠲᠠᠭᠠᠨ ᠪᠤᠴᠠᠭᠰᠠᠨ ᠰᠣᠷᠣᠭᠴᠢ᠂ ᠪᠠᠭᠰᠢ ᠠᠵᠢᠯᠲᠠᠨ ᠠᠵᠢᠯᠴᠢᠨ ᠤ ᠠᠶᠠᠯᠠᠯ ᠪᠣᠯᠤᠨ ᠡᠷᠡᠭᠦᠯ ᠮᠡᠨᠳᠦ ᠶᠢᠨ ᠪᠠᠶᠢᠳᠠᠯ ᠢ ᠪᠥᠬᠦ ᠲᠠᠯ᠎ᠠ ᠪᠠᠷ ᠡᠵᠡᠮᠰᠢᠵᠦ᠂ ᠰᠤᠷᠭᠠᠭᠤᠯᠢ ᠳᠠᠭᠠᠨ ᠪᠤᠴᠠᠬᠤ ᠠᠴᠠ ᠡᠮᠦᠨᠡᠬᠢ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠪᠣᠳᠠᠲᠠᠶ ᠨᠠᠷᠢᠯᠢᠭ ᠬᠢᠬᠦ ᠬᠡᠷᠡᠭᠲᠡᠶ᠃   ᠲᠠᠪᠤ᠂ ᠬᠤᠪᠢ ᠬᠥᠮᠦᠨ ᠤ ᠬᠠᠮᠠᠭᠠᠯᠠᠯᠲᠠ ᠶᠢ ᠴᠢᠩᠭᠠᠳᠬᠠᠨ᠎ᠠ᠃ ᠥᠷᠭᠡᠨ ᠣᠯᠠᠨ ᠬᠤᠲᠠ ᠶᠢᠨ ᠠᠷᠠᠳ ᠤᠨ ᠣᠯᠠᠨ ᠨᠡᠶᠢᠲᠡ ᠶᠢᠨ ᠲᠠᠯᠠᠪᠤᠷ ᠲᠤ ᠣᠷᠣᠵᠤ ᠭᠠᠷᠬᠤ ᠪᠠ ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠳᠤ ᠰᠠᠭᠤᠬᠤ ᠪᠥᠬᠦ ᠶᠠᠪᠤᠴᠠ ᠳᠤ ᠠᠮᠠᠪᠴᠢ ᠵᠡᠭᠦᠬᠦ ᠶᠢ ᠵᠢᠷᠤᠮᠵᠢᠭᠤᠯᠵᠤ᠂ ᠣᠯᠠᠨ ᠨᠡᠶᠢᠲᠡ ᠶᠢᠨ ᠬᠡᠷᠡᠭᠰᠡᠯ ᠲᠠᠢ ᠤᠶᠢᠷᠠᠲᠤᠬᠤ ᠠᠴᠠ ᠠᠯᠢ ᠴᠢᠳᠠᠬᠤ ᠪᠠᠷ ᠵᠠᠶᠢᠯᠠᠰᠬᠢᠵᠦ᠂ ᠬᠤᠭᠤᠯᠠ ᠢᠳᠡᠬᠦ ᠪᠠ ᠤᠰᠤ ᠤᠤᠭᠤᠬᠤ ᠲᠤᠭ᠎ᠠ ᠤᠳᠠᠭ᠎ᠠ ᠶᠢ ᠪᠠᠭᠠᠰᠬᠠᠨ᠎ᠠ᠃ ᠭᠠᠷ ᠢᠶᠠᠨ ᠦᠷᠭᠦᠯᠵᠢ ᠤᠬᠢᠶᠠᠬᠤ᠂ ᠢᠯᠡᠭᠦᠬᠡᠨ ᠰᠠᠯᠬᠢ ᠨᠡᠪᠲᠡᠷᠡᠭᠦᠯᠬᠦ᠂ ᠬᠤᠪᠢᠳᠠᠨ ᠬᠤᠭᠤᠯᠠᠯᠠᠬᠤ ᠳᠦᠷᠢᠮ᠂ ᠨᠡᠶᠢᠲᠡ ᠶᠢᠨ ᠰᠠᠪᠬ᠎ᠠ ᠬᠡᠷᠡᠭᠯᠡᠬᠦ᠂ ᠦᠷᠭᠦᠯᠵᠢ ᠠᠷᠢᠭᠤᠳᠬᠠᠬᠤ ᠵᠡᠷᠭᠡ ᠰᠠᠶᠢᠨ ᠰᠠᠶᠢᠬᠠᠨ ᠳᠠᠳᠬᠠᠯ ᠢ ᠪᠠᠷᠢᠮᠲᠠᠯᠠᠵᠤ᠂ ᠨᠡᠶᠢᠭᠡᠮ ᠤᠨ ᠬᠠᠷᠢᠯᠴᠠᠭᠠᠨ ᠤ ᠠᠮᠤᠷ ᠲᠦᠪᠰᠢᠨ ᠵᠠᠶ ᠶᠢ ᠪᠠᠲᠤᠯᠠᠨ᠎ᠠ᠃ ᠵᠢᠱᠢᠶᠡᠯᠡᠪᠡᠯ ᠲᠣᠯᠣᠭᠠᠢ ᠡᠪᠡᠳᠴᠦ ᠬᠠᠯᠠᠭᠤᠷᠠᠬᠤ᠂ ᠬᠠᠨᠢᠶᠠᠯᠭᠠᠭᠠᠳ ᠲᠠᠮᠢᠷᠳᠠᠬᠤ᠂ ᠦᠨᠦᠷᠯᠡᠬᠦ ᠰᠡᠷᠡᠯ ᠮᠠᠭᠤᠳᠠᠬᠤ ᠪᠠ ᠰᠠᠭᠤᠯᠭᠠᠬᠤ ᠵᠡᠷᠭᠡ ᠬᠡᠪ ᠤᠨ ᠪᠤᠰᠤ ᠡᠪᠡᠳᠴᠢᠨ ᠤ ᠰᠢᠨᠵᠢ ᠢᠯᠡᠷᠡᠪᠡᠯ᠂ ᠳᠠᠷᠤᠢ ᠲᠦᠷᠭᠡᠨ ᠬᠤᠪᠢ ᠬᠥᠮᠦᠨ ᠤ ᠰᠡᠷᠭᠡᠶᠢᠯᠡᠨ ᠬᠠᠮᠠᠭᠠᠯᠠᠯᠲᠠ ᠪᠠᠨ ᠰᠠᠶᠢᠲᠤᠷ ᠬᠢᠬᠦ ᠶᠢᠨ ᠬᠠᠮᠲᠤ ᠬᠠᠯᠠᠭᠤᠷᠠᠬᠤ ᠡᠭᠦᠳᠡᠨ ᠡᠮᠨᠡᠯᠭᠡ ︵ᠡᠮᠴᠢᠯᠡᠬᠦ ᠲᠠᠰᠤᠭ︶  ᠶᠢᠨ ᠡᠮᠴᠢᠯᠡᠭᠡᠨ ᠤ ᠪᠠᠶᠢᠭᠤᠯᠤᠮᠵᠢ ᠳᠤ ᠬᠦᠷᠴᠦ ᠡᠮᠨᠡᠭᠦᠯᠦᠨ᠂ ᠵᠠᠮ ᠵᠠᠭᠤᠷ᠎ᠠ ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠳᠤ ᠰᠠᠭᠤᠬᠤ ᠠᠴᠠ ᠵᠠᠶᠢᠯᠠᠰᠬᠢᠬᠦ ᠬᠡᠷᠡᠭᠲᠡᠢ᠃   ᠵᠢᠷᠭᠤᠭ᠎ᠠ᠂ ᠸᠠᠺᠼᠢᠨ ᠤ ᠲᠠᠷᠢᠯᠭ᠎ᠠ ᠶᠢ ᠳᠠᠷᠦ᠋ᠢᠬᠠᠨ ᠬᠢᠯᠭᠡᠨ᠎ᠡ᠃ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠢ ᠲᠠᠷᠢᠬᠤ ᠪᠣᠯ ᠰᠢᠨ᠎ᠡ ᠲᠢᠲᠢᠮᠯᠢᠭ ᠠᠭᠤᠰᠬᠢᠨ ᠦᠷᠪᠢᠰᠦᠯ ᠢ ᠰᠡᠷᠭᠡᠶᠢᠯᠡᠨ ᠡᠵᠡᠮᠳᠡᠬᠦ ᠴᠢᠬᠤᠯᠠ ᠠᠷᠭ᠎ᠠ ᠬᠡᠮᠵᠢᠶ᠎ᠡ ᠮᠥᠨ ᠂ ᠨᠡᠩ ᠴᠤ ᠠᠷᠠᠳ ᠢᠷᠭᠡᠨ ᠨᠢᠭᠡᠪᠦᠷᠢ ᠶᠢᠨ ᠬᠠᠷᠢᠭᠤᠴᠠᠯᠭ᠎ᠠ ᠪᠠ ᠡᠭᠦᠷᠭᠡ ᠮᠥᠨ᠃ ᠥᠷᠭᠡᠨ ᠣᠯᠠᠨ ᠬᠤᠲᠠ ᠶᠢᠨ ᠠᠷᠠᠳ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠸᠠᠺᠼᠢᠨ ᠤ ᠲᠠᠷᠢᠯᠭ᠎ᠠ ᠶᠢ ᠢᠳᠡᠪᠬᠢᠲᠡᠶ ᠰᠠᠨᠠᠭᠠᠴᠢᠯᠠᠭ᠎ᠠ ᠠᠴᠠ ᠪᠠᠨ ᠬᠢᠯᠬᠡᠵᠦ᠂ ᠪᠥᠬᠦ ᠬᠥᠮᠦᠰ ᠤᠨ ᠦᠯᠦ ᠬᠠᠯᠳᠠᠭᠠᠬᠤ ᠬᠠᠯᠬᠠᠪᠴᠢ ᠶᠢ ᠪᠥᠬᠦ ᠬᠦᠴᠦᠨ ᠢᠶᠠᠷ ᠢᠶᠠᠨ ᠴᠣᠭᠴᠠᠯᠠᠨ ᠪᠠᠶᠢᠭᠤᠯᠬᠤ ᠬᠡᠷᠡᠭᠲᠡᠶ᠃   ᠲᠣᠰ ᠠᠯᠪᠠᠨ ᠵᠠᠷᠯᠠᠯ ᠢ ᠨᠡᠶᠢᠲᠡᠯᠡᠭᠰᠡᠨ ᠡᠳᠦᠷ ᠠᠴᠠ ᠡᠬᠢᠯᠡᠨ ᠬᠡᠷᠡᠭᠵᠢᠭᠦᠯᠦᠨ᠎ᠡ᠂ ᠲᠣᠰ ᠠᠯᠪᠠᠨ ᠵᠠᠷᠯᠠᠯ ᠤᠨ ᠱᠠᠭᠠᠷᠳᠠᠯᠭ᠎ᠠ ᠠᠴᠠ ᠵᠥᠷᠢᠴᠡᠨ ᠬᠢᠵᠢᠭ ᠬᠠᠯᠳᠠᠪᠤᠷᠢᠯᠠᠨ ᠣᠷᠣᠵᠤ ᠢᠷᠡᠭᠰᠡᠨ ᠪᠠ ᠨᠢᠭᠤᠨ ᠲᠠᠷᠬᠠᠭᠰᠠᠨ ᠪᠠᠶᠢᠪᠠᠯ᠂ ᠬᠤᠯᠪᠣᠭᠳᠠᠯ ᠪᠥᠬᠦᠶ ᠨᠢᠭᠡᠴᠢ ᠪᠠ ᠬᠤᠪᠢ ᠬᠥᠮᠦᠨ ᠤ ᠬᠠᠷᠢᠭᠤᠴᠠᠯᠭ᠎ᠠ ᠶᠢ ᠬᠠᠤᠯᠢ ᠶᠣᠰᠣᠭᠠᠷ ᠴᠢᠩᠭ᠎ᠠ ᠨᠡᠬᠡᠮᠵᠢᠯᠡᠨ᠎ᠡ            ᠭᠡᠭᠡᠨ ᠭᠤᠣᠯ ᠬᠤᠲᠠ ᠶᠢᠨ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠤᠨ ᠬᠠᠯᠳᠠᠪᠤᠷᠢᠯᠠᠯ    ᠤᠨ ᠠᠭᠤᠰᠬᠢᠨ ᠦᠷᠪᠢᠰᠦᠯ ᠵᠢᠨ‌‍ᠰᠡᠷᠭᠡᠶᠢᠯᠡᠨ ᠡᠵᠡᠮᠳᠡᠬᠦ ᠠᠵᠢᠯ ᠤᠨ ᠵᠢᠯᠣᠭᠤᠳᠬᠤ ᠭᠠᠵᠠᠷ    2021 ᠣᠨ ᠤ 8 ᠰᠠᠷ᠎ᠠ ᠶᠢᠨ 19 ᠤ ᠡᠳᠤᠷ
 
ᠢᠷᠡᠯᠲᠡ᠄ ᠭᠡᠭᠡᠨ ᠭᠤᠤᠯ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号