ᠰᠢ ᠶᠢᠨ ᠫᠢᠩ 2021 ︽ᠨᠢᠭᠡ ᠪᠦᠰᠡ ᠨᠢᠭᠡ ᠵᠠᠮ︾ · ᠤᠷᠲᠤ ᠴᠠᠭᠠᠨ ᠬᠡᠷᠡᠮ ᠤᠨ ᠣᠯᠠᠨ ᠤᠯᠤᠰ ᠤᠨ ᠠᠷᠠᠳ ᠤᠨ ᠰᠣᠶᠣᠯ ᠤᠷᠠᠯᠢᠭ ᠤᠨ ᠨᠠᠶᠢᠷ ᠲᠤ ᠪᠠᠶᠠᠷ ᠤᠨ ᠵᠠᠬᠢᠳᠠᠯ ᠢᠯᠡᠭᠡᠪᠡ
ᠨᠡᠶᠢᠲᠡᠯᠡᠭᠰᠡᠨ ᠴᠠᠭ᠄
2021/9/17
     ᠰᠢᠨᠬᠤᠸᠠ ᠬᠤᠷᠢᠶᠠᠨ ᠤ ᠪᠡᠭᠡᠵᠢᠩ ᠤᠨ 9 ᠰᠠᠷ᠎ᠠ ᠶᠢᠨ 15 ᠤ ᠴᠠᠬᠢᠯᠭᠠᠨ ᠮᠡᠳᠡᠭᠡ 9 ᠰᠠᠷ᠎ᠠ ᠶᠢᠨ 15 ᠤ ᠡᠳᠦᠷ᠂ ᠤᠯᠤᠰ ᠤᠨ ᠲᠡᠷᠢᠭᠦᠯᠡᠭᠴᠢ ᠰᠢ ᠶᠢᠨ ᠫᠢᠩ 2021 ︽ᠨᠢᠭᠡ ᠪᠦᠰᠡ ᠨᠢᠭᠡ ᠵᠠᠮ︾ · ᠤᠷᠳᠤ ᠴᠠᠭᠠᠨ ᠬᠡᠷᠡᠮ ᠤᠨ ᠤᠯᠠᠨ ᠤᠯᠤᠰ ᠤᠨ ᠠᠷᠠᠳ ᠤᠨ ᠰᠣᠶᠣᠯ ᠤᠷᠠᠯᠢᠭ ᠤᠨ ᠨᠠᠶᠢᠷ ᠲᠤ ᠪᠠᠶᠠᠷ ᠤᠨ ᠵᠠᠬᠢᠳᠠᠯ ᠢᠯᠡᠭᠡᠪᠡ᠃      ᠰᠢ ᠶᠢᠨ ᠫᠢᠩ᠂ ᠪᠣᠯᠪᠠᠰᠤᠨ ᠨᠢ ᠰᠣᠯᠢᠯᠴᠠᠭ᠎ᠠ ᠪᠠᠷ ᠲᠠᠮᠵᠢᠨ ᠪᠠᠶᠠᠯᠢᠭ ᠰᠠᠶᠢᠬᠠᠨ ᠪᠤᠯᠳᠠᠭ᠃ ᠪᠢ ︽ᠨᠢᠭᠡ ᠪᠦᠰᠡ ᠨᠢᠭᠡ ᠵᠠᠮ︾ ᠤᠨ ᠰᠠᠨᠠᠭᠠᠴᠢᠯᠠᠭ᠎ᠠ ᠶᠢ ᠳᠤᠷᠠᠳᠤᠭᠰᠠᠨ 8 ᠵᠢᠯ ᠤᠨ ᠲᠤᠷᠰᠢ᠂ ᠡᠯ᠎ᠡ ᠲᠠᠯ᠎ᠠ ᠶᠢᠨ ᠬᠠᠮᠲᠤ ᠶᠢᠨ ᠤᠷᠤᠯᠴᠠᠯᠭ᠎ᠠ ᠪᠠ ᠴᠢᠷᠮᠠᠶᠢᠯᠭ᠎ᠠ ᠪᠠᠷ ︽ᠨᠢᠭᠡ ᠪᠦᠰᠡ ᠨᠢᠭᠡ ᠵᠠᠮ︾ ᠢ ᠬᠠᠮᠲᠤ ᠪᠠᠷ ᠪᠦᠳᠦᠭᠡᠨ ᠪᠠᠶᠢᠭᠤᠯᠬᠤ ᠲᠠᠯ᠎ᠠ ᠳᠤ ᠢᠳᠡᠪᠬᠢᠲᠡᠢ ᠦᠷ᠎ᠡ ᠪᠦᠲᠦᠭᠡᠯ ᠣᠯᠵᠤ᠂ ᠬᠠᠮᠲᠤ ᠪᠠᠷ ᠪᠦᠳᠦᠭᠡᠨ ᠪᠠᠶᠢᠭᠤᠯᠤᠭᠰᠠᠨ ᠤᠯᠤᠰ ᠤᠳ ᠤᠨ ᠠᠷᠠᠳ ᠲᠦᠮᠡᠨ ᠤ ᠵᠤᠯ ᠵᠢᠷᠭᠠᠯ ᠢ ᠨᠡᠮᠡᠭᠳᠡᠭᠦᠯᠦᠭᠰᠡᠨ ᠪᠥᠭᠡᠳ ᠬᠠᠮᠲᠤ ᠪᠠᠷ ᠪᠦᠳᠦᠭᠡᠨ ᠪᠠᠶᠢᠭᠤᠯᠤᠭᠰᠠᠨ ᠤᠯᠤᠰ ᠤᠳ ᠤᠨ ᠪᠣᠯᠪᠠᠰᠤᠨ ᠤ ᠰᠣᠯᠢᠯᠴᠠᠭ᠎ᠠ ᠶᠠᠷᠢᠯᠴᠠᠭ᠎ᠠ ᠶᠢ ᠠᠬᠢᠭᠤᠯᠪᠠ᠃      ︽ᠨᠢᠭᠡ ᠪᠦᠰᠡ ᠨᠢᠭᠡ ᠵᠠᠮ︾ · ᠣᠷᠳᠣ ᠴᠠᠭᠠᠨ ᠬᠡᠷᠡᠮ ᠣᠯᠠᠨ ᠤᠯᠤᠰ ᠤᠨ ᠠᠷᠠᠳ ᠤᠨ ᠰᠣᠶᠣᠯ ᠤᠷᠠᠯᠢᠭ ᠤᠨ ᠨᠠᠶᠢᠷ ᠢ ᠡᠷᠭᠢᠯᠡᠬᠦ ᠨᠢ ᠲᠣᠷᠭᠠᠨ ᠵᠠᠮ ᠪᠣᠯᠤᠨ ᠲᠦᠮᠡᠨ ᠭᠠᠵᠠᠷ ᠤᠨ ᠣᠷᠳᠣ ᠴᠠᠭᠠᠨ ᠬᠡᠷᠡᠮ ᠤᠨ ᠳᠡᠯᠡᠬᠡᠶ ᠶᠢᠨ ᠰᠣᠶᠣᠯ ᠤᠨ ᠥᠪ ᠤᠨ ᠥᠷᠲᠡᠭ ᠢ ᠪᠠᠳᠠᠷᠠᠭᠤᠯᠬᠤ ᠳᠤ ᠠᠰᠢᠭᠳᠠᠢ ᠪᠠᠶᠢᠵᠤ᠂ ᠡᠯ᠎ᠡ ᠤᠯᠤᠰ ᠤᠨ ᠠᠷᠠᠳ ᠤᠨ ᠰᠣᠶᠣᠯ ᠤᠷᠠᠯᠢᠭ ᠲᠤ ᠲᠠᠪᠴᠠᠩ ᠬᠠᠩᠭᠠᠵᠤ᠂ ᠡᠯ᠎ᠡ ᠤᠯᠤᠰ ᠤᠨ ᠠᠷᠠᠳ ᠲᠦᠮᠡᠨ ᠤ ᠰᠣᠯᠢᠯᠴᠠᠭ᠎ᠠ ᠶᠠᠷᠢᠯᠴᠠᠭ᠎ᠠ ᠳᠤ ᠬᠥᠭᠦᠷᠭᠡ ᠲᠠᠯᠪᠢᠵᠤ᠂ ᠠᠳᠠᠯᠢ ᠪᠤᠰᠤ ᠪᠣᠯᠪᠠᠰᠤᠨ ᠤ ᠬᠠᠷᠢᠯᠴᠠᠨ ᠰᠣᠯᠢᠯᠴᠠᠵᠤ ᠬᠠᠷᠢᠯᠴᠠᠨ ᠲᠣᠯᠢ ᠪᠤᠯᠭᠠᠬᠤ ᠬᠤᠯᠪᠣᠭᠠᠰᠤ ᠶᠢ ᠪᠠᠶᠢᠭᠤᠯᠵᠤ ᠦᠭᠴᠠᠢ᠃ ᠳᠤᠮᠳᠠᠳᠤ ᠤᠯᠤᠰ ᠡᠷᠬᠡ ᠲᠡᠭᠰᠢ᠂ ᠬᠠᠷᠢᠯᠴᠠᠨ ᠲᠤᠯᠢ ᠪᠤᠯᠭᠠᠬᠤ᠂ ᠶᠠᠷᠢᠯᠴᠠᠭ᠎ᠠ ᠬᠢᠬᠦ᠂ ᠪᠠᠭᠲᠠᠭᠠᠮᠵᠢᠲᠠᠢ ᠪᠠᠶᠢᠬᠤ ᠪᠣᠯᠪᠠᠰᠤᠨ ᠤ ᠦᠵᠡᠯᠲᠡ ᠶᠢ ᠪᠠᠷᠢᠮᠲᠠᠯᠠᠵᠤ᠂ ᠳᠤᠷᠠᠲᠠᠶ᠎ᠠ ᠡᠯ᠎ᠡ ᠤᠯᠤᠰ ᠲᠠᠢ ᠬᠠᠮᠲᠤ ᠪᠠᠷ ︽ᠨᠢᠭᠡ ᠪᠦᠰᠡ ᠨᠢᠭᠡ ᠵᠠᠮ︾ ᠢ ᠪᠦᠳᠦᠭᠡᠨ ᠪᠠᠶᠢᠭᠤᠯᠬᠤ ᠶᠢ ᠠᠬᠢᠭᠤᠯᠵᠤ᠂ ᠡᠶ᠎ᠡ ᠨᠠᠶᠢᠷᠲᠠᠢ ᠠᠳᠠᠯ᠎ᠠ ᠦᠪᠠᠷ ᠤᠨ ᠢᠶᠠᠨ ᠪᠠᠷᠢᠮᠳᠠᠯᠠᠬᠤ᠂ ᠡᠯ᠎ᠠ ᠵᠦᠢᠯ ᠤᠨ ᠭᠤᠸ᠎ᠠ ᠰᠠᠶᠢᠬᠠᠨ ᠬᠠᠮᠲᠤ ᠪᠠᠷ ᠤᠷᠤᠰᠢᠬᠤ ᠶᠢ ᠰᠠᠨᠠᠭᠠᠴᠢᠯᠠᠵᠤ᠂ ᠬᠥᠮᠦᠨ ᠲᠥᠷᠥᠯᠬᠢᠲᠡᠨ ᠤ ᠪᠣᠯᠪᠠᠰᠤᠨ ᠤ ᠲᠠᠪᠰᠢᠯᠳᠠ ᠳᠤ ᠨᠡᠩ ᠶᠡᠭᠡ ᠬᠤᠪᠢ ᠨᠡᠮᠡᠷᠢ ᠦᠵᠡᠭᠦᠯᠦᠨ᠎ᠡ ᠭᠡᠵᠤ ᠵᠢᠭᠠᠵᠤ ᠭᠠᠷᠭᠠᠵᠠᠢ᠃      2021 ︽ᠨᠢᠭᠡ ᠪᠦᠰᠡ ᠨᠢᠭᠡ ᠵᠠᠮ︾ · ᠣᠷᠳᠣ ᠴᠠᠭᠠᠨ ᠬᠡᠷᠡᠮ ᠣᠯᠠᠨ ᠤᠯᠤᠰ ᠤᠨ ᠠᠷᠠᠳ ᠤᠨ ᠰᠣᠶᠣᠯ ᠤᠷᠠᠯᠢᠭ ᠤᠨ ᠨᠠᠶᠢᠷ ᠲᠣᠰ ᠡᠳᠦᠷ ᠾᠧᠪᠸᠢ ᠮᠤᠵᠢ ᠶᠢᠨ ᠯᠠᠩᠹᠠᠩ ᠬᠤᠲᠠ ᠳᠤ ᠡᠬᠢᠯᠡᠵᠦ᠂ ︽ᠰᠣᠶᠣᠯ ᠤᠷᠠᠯᠢᠭ ᠤᠨ ᠠᠭᠤᠰᠤᠯᠴᠠᠯ · ︿ᠨᠢᠭᠡ ᠪᠦᠰᠡ ᠨᠢᠭᠡ ᠵᠠᠮ﹀ ᠢ ᠬᠠᠮᠲᠤ ᠪᠠᠷ ᠪᠥᠲᠥᠭᠡᠨ ᠪᠠᠶᠢᠭᠤᠯᠤᠶ᠎ᠠ︾ ᠪᠠᠷ ᠭᠤᠤᠯ ᠰᠡᠳᠦᠪ ᠪᠤᠯᠭᠠᠵᠤ᠂ ᠰᠣᠶᠣᠯ ᠪᠠ ᠵᠢᠭᠤᠯᠴᠢᠯᠠᠯ ᠤᠨ ᠶᠠᠮᠤᠨ᠂ ᠾᠧᠪᠸᠢ ᠮᠤᠵᠢ ᠶᠢᠨ ᠠᠷᠠᠳ ᠤᠨ ᠵᠠᠰᠠᠭ ᠤᠨ ᠣᠷᠳᠣᠨ ᠬᠠᠮᠲᠤ ᠪᠠᠷ ᠡᠷᠭᠢᠯᠡᠪᠡ᠃
 
ᠢᠷᠡᠯᠲᠡ᠄ ᠦᠪᠦᠷ ᠮᠤᠩᠭᠤᠯ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号