ᠵᠤᠨ ᠤ ᠠᠮᠠᠷᠠᠯᠲᠠ ᠬᠦᠷᠴᠦ ᠢᠷᠡᠬᠦ ᠶᠢ ᠳᠠᠭᠠᠯᠳᠤᠨ᠂ ᠮᠠᠨ ᠤ ᠬᠤᠲᠠ ᠶᠢᠨ ᠵᠢᠭᠤᠯᠴᠢᠯᠠᠯ ᠳᠠᠬᠢᠨᠲᠠ ᠨᠢᠭᠡ ᠤᠳᠠᠭᠠᠨ ᠤ ᠪᠠᠭ᠎ᠠ ᠣᠷᠭᠢᠯ ᠳᠠᠭᠠᠨ ᠲᠤᠯᠵᠠᠶ᠃ | ᠣᠯᠭᠤᠶᠠ ᠶᠢᠨ ᠪᠠᠯᠠᠷ ᠡᠷᠲᠡᠨ ᠤ ᠠᠶᠢᠮᠠᠭ ᠤᠨ ᠦᠵᠡᠮᠵᠢ ᠶᠢᠨ ᠣᠷᠣᠨ ᠳᠤ ᠠᠩᠬᠠᠨ ᠤ ᠠᠮᠢ ᠠᠬᠤᠶ ᠶᠢᠨ ᠷᠢᠳᠢ ᠰᠢᠳᠢ ᠭᠠᠵᠠᠷ ᠪᠣᠯᠭᠠᠨ ᠳᠤ ᠢᠯᠡᠷᠡᠵᠦ᠂ ᠬᠠᠷ᠎ᠠ | ᠥᠷᠯᠥᠭᠡ ᠪᠠᠷ ᠵᠤᠭᠠᠴᠠᠭᠰᠠᠳ ᠲᠠᠰᠤᠷᠠᠯᠲᠠ ᠦᠭᠡᠶ ᠴᠤᠪᠤᠷᠠᠵᠤ᠂ ᠬᠥᠷ ᠨᠠᠷᠭᠢᠶᠠᠨ ᠢᠶᠠᠷ ᠪᠢᠯᠬᠠᠵᠤ ᠪᠠᠶᠢᠯ᠎ᠠ᠃ | ᠣᠯᠭᠤᠶᠠ ᠶᠢᠨ ᠪᠠᠯᠠᠷ ᠡᠷᠲᠡᠨ ᠤ ᠠᠶᠢᠮᠠᠭ ᠤᠨ ᠦᠵᠡᠮᠵᠢ ᠶᠢᠨ ᠣᠷᠣᠨ ᠳᠤ ᠬᠦᠷᠬᠦ ᠳᠤ᠂ ᠡᠷᠦᠬᠡ ᠶᠢᠨ ᠦᠵᠡᠮᠵᠢ ᠶᠢᠨ ᠣᠷᠣᠨ ᠤ ᠠᠵᠢᠯᠲᠠᠨ ᠪᠠᠶ ᠹᠧᠩ | ᠬᠤᠸᠠ ᠶᠠᠭ ᠰᠠᠶᠢᠬᠠᠨ ᠺᠡᠧᠯᠧᠪᠡ ᠶᠢ ᠰᠢᠷᠠᠵᠤ ᠪᠠᠶᠢᠭ᠎ᠠ ᠪᠥᠭᠡᠳ ᠮᠠᠰᠢ ᠣᠯᠠᠨ ᠵᠤᠭᠠᠴᠠᠭᠰᠠᠳ ᠤᠨ ᠠᠩᠬᠠᠷᠤᠯ ᠢ ᠲᠠᠲᠠᠵᠤ ᠪᠠᠶᠢᠯ᠎ᠠ᠃ ︽ᠺᠡᠧᠯᠧᠪᠡ︾ ᠪᠣᠯ | ᠣᠯᠭᠤᠶᠠ ᠶᠢᠨ ᠡᠸᠡᠩᠬᠢ ᠠᠩᠴᠢᠳ ᠤᠨ ᠤᠯᠠᠮᠵᠢᠯᠠᠯᠲᠤ ᠭᠤᠤᠯ ᠢᠳᠡᠭᠡᠨ ᠮᠥᠨ᠂ ᠲᠡᠷᠡ ᠨᠢ ᠴᠠ ᠪᠤᠭᠤ ᠶᠢᠨ ᠰᠦ᠋ ᠪᠣᠯᠤᠨ ᠭᠤᠯᠢᠷ ᠢᠶᠠᠷ ᠠᠶᠠᠨᠳᠠᠭᠠᠨ ᠢᠰᠬᠡᠵᠦ᠂ | ᠲᠣᠭᠤᠭᠠᠨ ᠤ ᠭᠠᠯ ᠳᠤ ᠬᠠᠭᠠᠷᠢᠵᠤ ᠪᠤᠯᠭᠤᠳᠠᠭ ᠪᠣᠯᠬᠤᠷ ᠠᠮᠲᠠ ᠰᠢᠮᠲᠡ ᠨᠢ ᠵᠥᠭᠡᠯᠡᠨ᠂ ᠠᠮᠲᠠᠲᠠᠶ ᠪᠠᠶᠢᠳᠠᠭ᠃ ᠪᠠᠶ ᠹᠧᠩ ᠬᠤᠸᠠ ᠥᠷᠯᠥᠭᠡ ᠶᠢᠨ 4 ᠴᠠᠭ ᠠᠴᠠ | ᠡᠬᠢᠯᠡᠨ ᠭᠤᠯᠢᠷ ᠢᠶᠠᠨ ᠡᠪᠯᠡᠭᠦᠯᠵᠦ᠂ ᠵᠢᠭᠤᠯᠴᠢᠯᠠᠭᠴᠢᠳ ᠤᠨ ᠬᠦᠷᠴᠦ ᠢᠷᠡᠬᠦ ᠶᠢ ᠤᠭᠲᠤᠬᠤ ᠪᠠᠷ ᠪᠡᠯᠡᠳᠬᠡᠨ᠎ᠡ᠃ | ᠤᠢ ᠰᠢᠭᠤᠢ ᠶᠢᠨ ᠨᠠᠷᠢᠨ ᠵᠠᠮ ᠳᠡᠭᠡᠷ᠎ᠡ ᠤᠢ ᠮᠣᠳᠣ ᠬᠥᠬᠡᠷᠡᠨ ᠨᠣᠭᠤᠭᠠᠷᠠᠵᠤ᠂ ᠶᠠᠭ ᠯᠠ ᠨᠢᠭᠡᠨ ᠵᠢᠷᠤᠭ ᠤᠨ ᠳᠤᠮᠳᠠ ᠪᠠᠶᠢᠬᠤ ᠰᠢᠭ᠋ ᠢᠶᠠᠷ᠂ ᠵᠤᠭᠠᠴᠠᠭᠰᠠᠳ | ᠨᠢᠭᠡ ᠢᠵᠢ ᠦᠨᠳᠦᠰᠦᠲᠡᠨ ᠤ ᠬᠤᠪᠴᠠᠰᠤ ᠵᠠᠰᠠᠯ ᠢ ᠰᠣᠩᠭᠤᠵᠤ᠂ ᠪᠠᠯᠠᠷ ᠤᠢ ᠳᠤ ᠰᠠᠶᠢᠨ ᠰᠠᠶᠢᠬᠠᠨ ᠡᠷᠭᠢᠴᠡᠭᠦᠯᠦᠯ ᠢᠶᠠᠨ ᠦᠯᠡᠳᠡᠭᠡᠵᠦ ᠪᠣᠯᠤᠨ᠎ᠠ᠃ ᠭᠡᠪᠡᠴᠦ᠂ | ᠣᠯᠠᠨ ᠢᠶᠠᠷ ᠢᠶᠠᠨ ᠬᠠᠰᠢ ᠯᠠ ︽ᠣᠶ ᠰᠢᠭᠤᠶ ᠶᠢᠨ ᠰᠢᠮᠨᠤ︾ ᠴᠠ ᠪᠤᠭᠤ ᠲᠠᠢ ᠳᠣᠲᠣᠨᠣᠰᠤᠭ ᠢᠶᠠᠷ ᠪᠣᠯᠵᠣᠬᠤ ᠶᠢ ᠬᠠᠮᠤᠭ ᠠᠴᠠ ᠬᠦᠰᠡᠵᠦ ᠪᠠᠶᠢᠨ᠎ᠠ᠂ ᠬᠥᠭᠡᠷᠦᠬᠦᠨ | ᠰᠢᠮᠨᠤᠰ ᠤᠳ ᠵᠤᠭᠠᠴᠠᠭᠰᠠᠳ ᠤᠨ ᠳᠤᠮᠳᠠ ᠠᠯᠬᠤᠨ ᠶᠠᠪᠤᠵᠤ᠂ ᠬᠥᠮᠦᠨ ᠪᠠᠶᠢᠭᠠᠯᠢ ᠶᠢᠨ ᠡᠶ᠎ᠡ ᠵᠣᠬᠢᠴᠠᠯ ᠲᠠᠢ ᠪᠠᠷ ᠬᠠᠮᠲᠤ ᠣᠷᠣᠰᠢᠬᠤ ᠰᠠᠶᠢᠨ ᠰᠠᠶᠢᠬᠠᠨ ᠭᠱᠠᠨ | ᠵᠠᠭᠤᠷ᠎ᠠ ᠶᠢ ᠭᠠᠵᠠᠷ ᠪᠣᠯᠭᠠᠨ ᠳᠤ ᠳᠡᠯᠭᠡᠨ ᠦᠵᠡᠭᠦᠯᠵᠡᠢ᠃ | ᠤᠢᠢᠷ᠎ᠠ ᠶᠢᠨ ᠵᠢᠯ ᠠᠴᠠ᠂ ᠮᠠᠨ ᠤ ᠬᠤᠳᠠ ᠶᠢᠨ ᠬᠢᠨ ᠣᠯᠭᠤᠶᠠ ᠶᠢᠨ ᠠᠮᠢ ᠠᠬᠤᠢ ᠶᠢᠨ ᠵᠠᠩ ᠦᠢᠯᠡ ᠪᠠᠷ ᠭᠤᠣᠯ ᠪᠣᠯᠭᠠᠵᠤ᠂ ᠥᠪᠡᠷᠮᠢᠴᠡ ᠣᠨᠴᠠᠯᠢᠭ ᠲᠠᠢ | ᠡᠬᠢ ᠪᠠᠶᠠᠯᠢᠭ ᠤᠨ ᠳᠠᠪᠠᠭᠤᠯᠢᠭ ᠢᠶᠠᠷ ᠰᠠᠭᠤᠷᠢ ᠪᠣᠯᠭᠠᠵᠤ᠂ ᠪᠦᠬᠦ ᠤᠯᠤᠰ ᠤᠨ ᠡᠯ᠎ᠡ ᠭᠠᠵᠠᠷ ᠤᠨ ᠵᠤᠭᠠᠴᠠᠭᠰᠠᠳ ᠢ ᠲᠠᠲᠠᠵᠤ ᠪᠤᠢ᠃ ᠣᠶᠢᠯᠠᠭᠠᠭᠰᠠᠨ ᠢᠶᠠᠷ᠂ | ᠣᠯᠭᠤᠶᠠ ᠶᠢᠨ ᠴᠡ ᠪᠤᠭᠤ ᠠᠶᠢᠮᠠᠭ ᠤᠨ ᠦᠵᠡᠮᠵᠢ ᠶᠢᠨ ᠣᠷᠣᠨ ᠤ ᠡᠳᠦᠷ ᠲᠤ ᠭᠥᠯᠢᠶᠡᠨ ᠠᠪᠤᠭᠰᠠᠨ ᠵᠤᠭᠠᠴᠠᠭᠰᠠᠳ ᠤᠨ ᠲᠤᠭ᠎ᠠ 2500 ᠬᠥᠮᠦᠨ ᠤᠳᠠᠭ᠎ᠠ ᠳᠤ | ᠬᠦᠷᠴᠦ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ ᠨᠢᠭᠡ ᠳᠠᠬᠢᠨ ᠢᠯᠡᠭᠦᠤ ᠨᠡᠮᠡᠭᠳᠡᠨ᠂ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠪᠠᠶᠢᠳᠠᠯ ᠦᠷᠭᠦᠯᠵᠢᠯᠡᠨ | ᠰᠠᠶᠢᠵᠢᠷᠠᠪᠠ᠃ |