ᠴᠦᠮ᠎ᠡ ᠶᠢᠨ ᠢᠨᠵᠧᠨ᠋ᠷᠢᠩ ᠤᠨ ᠤᠬᠠᠭᠠᠨ ᠤ ᠳ᠋ᠣᠺᠲ᠋ᠤᠷ ᠬᠠᠷᠠᠨᠤᠳ ᠰᠦᠬᠡ ᠬᠦᠪᠡᠭᠡᠳᠦ ᠰᠢᠷ᠎ᠠ ᠬᠤᠰᠢᠭᠤᠨ ᠤ ᠵᠢᠷᠭᠤᠳᠤᠭᠠᠷ ᠰᠤᠮᠤ ᠶᠢᠨ ᠤᠤᠭᠠᠯ ᠬᠠᠷᠢᠶᠠᠳᠤ᠃ | ᠬᠦᠪᠡᠭᠡᠲᠦ ᠰᠢᠷ᠎ᠠ ᠬᠤᠰᠢᠭᠤᠨ ᠤ ᠤᠤᠯ ᠤᠨ ᠬᠤᠰᠢᠭᠤ ᠠᠮᠪᠠᠨ ᠬᠠᠷᠠᠨᠤᠳ ᠤᠪᠤᠭᠳᠤ ᠮᠦᠭᠳᠡᠨᠪᠤᠤ ᠪᠠᠯ ᠲᠡᠬᠦᠨ ᠤ ᠡᠪᠦᠭᠡ ᠪᠤᠯᠤᠨ᠎ᠠ᠃ ᠰᠦᠬᠡ ᠲᠦᠪ ᠤᠨ | ᠦᠨᠳᠦᠰᠦᠳᠡᠨ ᠤ ᠶᠡᠭᠡ ᠰᠤᠷᠭᠠᠭᠤᠯᠢ ᠠᠴᠠ ᠲᠡᠭᠦᠰᠦᠭᠰᠡᠨ ᠤ ᠲᠠᠷᠠᠭ᠎ᠠ ᠰᠤᠷᠭᠠᠭᠤᠯᠢ ᠳᠤ ᠪᠠᠨ ᠦᠯᠡᠳᠡᠨ ᠪᠠᠭᠰᠢᠯᠠᠪᠠ᠃ | 2000 ᠤᠨ ᠳᠤ ᠶᠠᠫᠤᠨ ᠤ ᠲᠤᠤᠺᠢᠤ᠋ ᠶᠢᠨ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠳᠤ ᠴᠦᠮ᠎ᠡ ᠶᠢᠨ ᠢᠨᠵᠧᠨ᠋ᠷᠢᠩ ᠤᠨ ᠤᠬᠠᠭᠠᠨ ᠤ ᠳ᠋ᠣᠺᠲ᠋ᠤᠷ ᠴᠤᠯᠠ | ᠬᠠᠮᠠᠭᠠᠯᠠᠪᠠ᠃ ᠶᠠᠫᠤᠨ ᠤ ᠠᠯᠳᠠᠷᠳᠤ ᠴᠦᠮ᠎ᠡ ᠶᠢᠨ ᠤᠬᠠᠭᠠᠨ ᠤ ᠡᠷᠳᠡᠮᠳᠡᠨ ᠢᠭᠠᠰᠢᠷᠠ ᠮᠠᠰᠠᠶᠦᠺᠢ ᠫᠷᠤᠹᠧᠰᠰᠤᠷ ᠢ ᠲᠠᠭᠠᠨ ᠬᠦᠨᠳᠤ ᠡᠯᠧᠮᠧᠨ᠋ᠲ ᠵᠢᠴᠢ ᠨᠧᠳ᠋ᠷᠦᠨ ᠤ | ᠬᠠᠭᠠᠷᠠᠯᠳᠠ ᠠᠴᠠ ᠡᠬᠦᠰᠦᠭᠰᠡᠨ ᠪᠤᠳᠠᠰ ᠤᠨ ᠤᠯᠠᠷᠢᠯᠳᠠ ᠶᠢᠨ ᠰᠤᠳᠤᠯᠭᠠᠨ ᠵᠢᠴᠢ ᠠᠩᠬᠠᠨ ᠤ ᠤᠷᠴᠢᠯᠠᠩ ᠤᠨ ᠬᠦᠨᠳᠦ ᠡᠯᠧᠮᠧᠨ᠋ᠲ ᠤ ᠰᠤᠳᠤᠯᠭᠠᠨ ᠢ ᠬᠢᠵᠠᠢ᠃ | ᠳ᠋ᠣᠺᠲ᠋ᠣᠷ ᠴᠣᠯᠠ ᠬᠠᠮᠠᠭᠠᠯᠠᠭᠰᠠᠨ ᠤ ᠳᠠᠷᠠᠭ᠎ᠠ ᠠᠮᠧᠷᠢᠺᠠ ᠳᠤ ᠬᠦᠷᠴᠤ ᠰᠤᠳᠤᠯᠭᠠᠨ ᠤ ᠠᠵᠢᠯ ᠢᠶᠠᠨ ᠤᠯᠠᠮ ᠬᠦᠨᠵᠡᠭᠡᠶᠢᠷᠡᠬᠦᠯᠪᠡ᠃ | ᠰᠦᠬᠡ ᠭᠡᠷᠭᠡᠢ ᠲᠠᠢ ᠪᠠᠨ ᠭᠤᠷᠪᠠᠨ ᠦᠬᠢᠨ ᠲᠠᠢ᠃ ᠤᠳᠤ ᠠᠮᠧᠷᠢᠺᠠ ᠶᠢᠨ ᠨᠠᠶᠢᠰᠯᠡᠯ ᠸᠠᠰᠢᠩᠲ᠋ᠣᠨ ᠬᠤᠳᠠᠨ ᠳᠤ ᠠᠮᠢᠳᠤᠷᠠᠵᠤ ᠪᠤᠢ᠃ ᠲᠡᠨᠳᠡ ᠳᠤ ᠮᠤᠩᠭᠤᠯ | ᠰᠤᠷᠭᠠᠭᠤᠯᠢ ᠡᠭᠦᠰᠭᠡᠨ ᠪᠠᠶᠢᠭᠤᠯᠵᠤ᠂ ᠬᠠᠷᠢ ᠬᠦᠷᠦᠨ ᠳᠤ ᠮᠤᠩᠭᠤᠯ ᠰᠤᠶᠤᠯ ᠲᠡᠦᠬᠡ ᠪᠠᠨ ᠤᠯᠠᠮᠵᠢᠯᠠᠨ ᠲᠡᠯᠭᠡᠷᠡᠬᠦᠯᠵᠤ ᠶᠠᠪᠤᠭ᠎ᠠ ᠶᠢᠨ ᠨᠢᠭᠡ ᠪᠤᠯᠤᠨ᠎ᠠ᠃ |