ᠰᠦᠷᠦᠩᠵᠡᠪ ᠭᠤᠸᠠᠢ ᠪᠣᠯ ᠬᠦᠪᠡᠭᠡᠲᠦ ᠰᠢᠷ᠎ᠠ ᠬᠤᠰᠢᠭᠤ ᠪᠠᠷ ᠨᠤᠲᠤᠭᠳᠠᠢ᠂ ᠮᠤᠩᠭᠤᠯ ᠠᠨᠠᠭᠠᠬᠤ ᠤᠬᠠᠭᠠᠨ ᠤ ᠰᠠᠭᠤᠷᠢᠯᠠᠭᠴᠢ ᠪᠦᠭᠡᠳ ᠥᠪᠦᠷ ᠮᠤᠩᠭᠤᠯ ᠤᠨ | ᠮᠤᠩᠭᠤᠯ ᠠᠨᠠᠭᠠᠬᠤ ᠤᠬᠠᠭᠠᠨ ᠤ ᠠᠯᠳᠠᠷᠲᠤ ᠡᠷᠳᠡᠮᠳᠡᠨ᠂ ᠮᠦᠩᠭᠤᠯ ᠡᠮ ᠡᠮᠨᠡᠯᠭᠡ ᠶᠢᠨ ᠲᠡᠭᠡᠳᠦ ᠵᠡᠷᠭᠡ ᠶᠢᠨ ᠰᠤᠷᠭᠠᠨ ᠬᠦᠮᠦᠵᠢᠯ ᠤᠨ ᠵᠢᠳᠬᠦᠯᠲᠡᠨ᠂ ᠤᠯᠤᠰ ᠤᠨ | ᠣᠲᠠᠴᠢ ᠫᠷᠤᠹᠧᠰᠰᠤᠷ᠃ ᠣᠯᠠᠨ ᠰᠢᠨ᠎ᠡ ᠡᠮ ᠤᠨ ᠵᠣᠷ ᠰᠤᠳᠤᠯᠤᠨ ᠭᠠᠷᠭᠠᠵᠤ᠂ ᠵᠢᠷᠦᠬᠡ ᠴᠢᠰᠤᠨ ᠰᠤᠳᠠᠯ ᠤᠨ ᠡᠪᠡᠳᠴᠢᠨ ᠢ ᠡᠮᠨᠡᠨ ᠵᠠᠰᠠᠳᠠᠭ ᠢᠶᠠᠷ ᠠᠯᠳᠠᠷᠰᠢᠵᠠᠢ᠃ | | ᠲᠡᠷᠡ ᠪᠠᠷ ︽ᠮᠤᠩᠭᠤᠯ ᠠᠨᠠᠭᠠᠬᠤ ᠤᠬᠠᠭᠠᠨ ᠤ ᠤᠨᠤᠰᠢ ᠲᠠᠯᠪᠢᠬᠤ ᠰᠤᠳᠤᠯᠤᠯ︾᠂ ︽ᠮᠤᠩᠭᠤᠯ ᠠᠨᠠᠭᠠᠬᠤ ᠤᠬᠠᠭᠠᠨ ᠤ ᠡᠪᠡᠳᠴᠢᠨ ᠵᠠᠰᠠᠬᠤ ᠵᠠᠷᠴᠢᠮ ᠪᠠ | ᠵᠠᠰᠠᠬᠤ ᠠᠷᠭ᠎ᠠ︾ ᠵᠡᠷᠭᠡ ᠮᠤᠩᠭᠤᠯ ᠠᠨᠠᠭᠠᠬᠤ ᠤᠬᠠᠭᠠᠨ ᠤ ᠣᠯᠠᠨ ᠨᠣᠮ ᠪᠦᠳᠦᠭᠡᠯ ᠲᠠᠢ ᠪᠦᠭᠡᠳ ᠮᠤᠩᠭᠤᠯ ᠠᠨᠠᠭᠠᠬᠤ ᠤᠬᠠᠭᠠᠨ ᠤ ᠲᠡᠭᠡᠳᠦ ᠰᠤᠷᠭᠠᠭᠤᠯᠢ ᠶᠢᠨ | ᠠᠩᠬᠠᠳᠠᠭᠴᠢ ᠵᠢᠠᠭᠠᠬᠤ ᠮᠠᠲ᠋ᠧᠷᠢᠶᠠᠯ ᠢ ᠲᠤᠭᠤᠷᠪᠢᠬᠤ ᠳᠤ ᠵᠢᠳᠬᠦᠯ ᠦᠵᠡᠬᠦᠯᠵᠦ᠂ ︽ᠳᠤᠮᠳᠠᠳᠤ ᠤᠯᠤᠰ ᠤᠨ ᠠᠨᠠᠭᠠᠬᠤ ᠤᠬᠠᠭᠠᠨ ᠤ ᠨᠡᠪᠲᠡᠷᠬᠡᠢ ᠲᠣᠯᠢ᠂ ᠮᠤᠩᠭᠤᠯ | ᠠᠨᠠᠭᠠᠬᠤ ᠤᠬᠠᠭᠠᠨ ᠤ ᠪᠤᠳᠢ︾ ᠶᠢᠨ ᠳᠡᠳ᠋ ᠭᠤᠤᠯᠯᠠᠨ ᠨᠠᠶᠢᠷᠠᠭᠤᠯᠤᠭᠴᠢ ᠶᠢᠨ ᠡᠬᠦᠷᠭᠡ ᠶᠢ ᠬᠦᠢᠴᠡᠳᠭᠡᠪᠡ᠃ | ᠲᠡᠷᠡ ᠪᠠᠷ 2006 ᠣᠨ ᠳᠤ ᠥᠪᠦᠷ ᠮᠤᠩᠭᠤᠯ ᠤᠨ ᠦᠪᠡᠷᠲᠡᠭᠡᠨ ᠵᠠᠰᠠᠬᠤ ᠣᠷᠤᠨ ᠤ ᠰᠤᠳᠤᠷ ᠨᠣᠮ ᠴᠢᠳᠠᠪᠦᠷᠢᠲᠠᠨ ᠤ ᠱᠠᠩᠨᠠᠯ ᠢ ᠬᠦᠷᠲᠡᠵᠦ᠂ 2009 | ᠣᠨ ᠳᠤ ᠲᠦᠷᠦᠬᠦᠦ ᠪᠦᠯᠦᠭ ᠤᠯᠤᠰ ᠤᠨ 30 ︽ᠤᠯᠤᠰ ᠤᠨ ᠣᠲᠠᠴᠢ︾ ᠶᠢᠨ ᠨᠢᠭᠡ ᠪᠠᠷ ᠴᠤᠯᠠᠯᠠᠭᠳᠠᠨ᠂ 2011 ᠣᠨ ᠳᠤ ᠥᠪᠦᠷ ᠮᠤᠩᠭᠤᠯ ᠤᠨ | ᠥᠪᠡᠷᠲᠡᠭᠡᠨ ᠵᠠᠰᠬᠠᠤ ᠣᠷᠤᠨ ᠤ ᠡᠷᠡᠬᠦᠯ ᠬᠠᠮᠠᠭᠠᠯᠠᠯ ᠤᠨ ᠲᠢᠩᠬᠢᠮ ᠠᠴᠠ ᠣᠯᠭᠤᠭᠰᠠᠨ ︽ᠮᠤᠩᠭᠤᠯ ᠡᠮ ᠡᠮᠨᠡᠯᠭᠡ ᠶᠢᠨ ᠨᠠᠰᠤᠨ ᠲᠤᠷᠰᠢᠲᠠ ᠶᠢᠨ ᠠᠮᠵᠢᠯᠲᠠ | ᠪᠦᠳᠦᠮᠵᠢ ᠶᠢᠨ ᠱᠠᠩᠨᠠᠯ︾ ᠢᠶᠠᠷ ᠡᠩᠭᠡᠷ ᠢᠶᠠᠨ ᠮᠢᠯᠢᠶᠠᠯᠭᠠᠵᠠᠢ᠃ | ᠬᠦᠪᠡᠭᠡᠲᠦ ᠰᠢᠷ᠎ᠠ ᠬᠤᠰᠢᠭᠤᠨ ᠤ ᠬᠠᠶ᠋ᠢᠩᠬᠢᠷᠸ᠎ᠠ ᠰᠦᠮ᠎ᠡ ᠶᠢᠨ ᠪᠠᠷᠠᠭᠤᠨ ᠡᠮᠦᠨ᠎ᠡ ᠪᠠᠶᠢᠷᠢᠰᠢᠵᠤ ᠪᠣᠢ᠃ ︽ᠬᠤᠩᠬ᠎ᠠ︾ ᠪᠤᠶᠠᠨ ᠢᠪᠡᠭᠡᠯᠲᠦ ᠮᠦᠽᠸᠢ ᠪᠣᠯ | 2006 ᠣᠨ ᠳᠤ ᠥᠪᠦᠷ ᠮᠤᠩᠭᠤᠯ ᠤᠨ ᠮᠤᠩᠭᠤᠯ ᠠᠨᠠᠭᠠᠬᠤ ᠤᠬᠠᠭᠠᠨ ᠤ ᠠᠯᠳᠠᠷᠲᠤ ᠡᠷᠳᠡᠮᠳᠡᠨ᠂ ᠮᠦᠩᠭᠤᠯ ᠡᠮ ᠡᠮᠨᠡᠯᠭᠡ ᠶᠢᠨ ᠲᠡᠭᠡᠳᠦ ᠵᠡᠷᠭᠡ ᠶᠢᠨ ᠰᠤᠷᠭᠠᠨ | ᠬᠦᠮᠦᠵᠢᠯ ᠤᠨ ᠵᠢᠳᠬᠦᠯᠲᠡᠨ᠂ ᠤᠯᠤᠰ ᠤᠨ ᠣᠲᠠᠴᠢ ᠫᠷᠤᠹᠧᠰᠰᠤᠷ ᠽᠤ᠊᠂ ᠰᠦᠷᠦᠩᠵᠡᠪ ᠭᠤᠸᠠᠢ ᠡᠬᠡ ᠨᠤᠲᠤᠭ ᠲᠤ ᠪᠠᠨ ᠪᠠᠶᠢᠭᠤᠯᠤᠭᠰᠠᠨ ᠬᠤᠪᠢ ᠶᠢᠨ ᠮᠦᠽᠸᠢ | ᠪᠤᠯᠬᠤ ᠶᠤᠮ᠃ ᠰᠦᠷᠦᠩᠵᠡᠪ ᠭᠤᠸᠠᠢ ᠶᠢᠨ ᠬᠠᠯᠠᠰᠢᠷᠠᠯ ᠦᠬᠡᠢ ᠴᠢᠷᠮᠠᠶᠢᠯᠭ᠎ᠠ ᠪᠠᠷ ᠲᠠᠮᠵᠢᠨ᠂ 2013 ᠣᠨ ᠤ 7 ᠰᠠᠷ᠎ᠠ ᠳᠤ ᠪᠤᠶᠠᠨ ᠢᠪᠡᠭᠡᠯᠲᠦ ᠮᠦᠽᠸᠢ ᠨᠢ | ᠥᠪᠡᠷᠲᠡᠭᠡᠨ ᠵᠠᠰᠠᠬᠤ ᠣᠷᠤᠨ ᠤ ᠲᠡᠦᠬᠡ ᠶᠢᠨ ᠲᠤᠷᠠᠰᠬᠠᠯᠲᠤ ᠵᠦᠢᠯᠡᠰ ᠤᠨ ᠲᠤᠪᠴᠢᠶᠠᠨ ᠳᠤ ᠵᠢᠩᠬᠢᠨᠢ ᠪᠠᠷ ᠳᠠᠩᠰᠠᠯᠠᠭᠤᠯᠤᠨ ᠲᠡᠮᠳᠡᠭᠯᠡᠬᠦᠯᠪᠡ᠃ |