ᠡᠮᠡᠭᠳᠡᠶᠢᠴᠦᠳ ᠤᠨ ᠡᠮᠦᠰᠬᠦ ᠮᠠᠯᠠᠭᠠᠢ ᠴᠢᠬᠢᠪᠴᠢ ᠳᠤ ᠡᠷᠡᠭᠳᠡᠶᠢᠴᠦᠳ ᠤᠨ ᠡᠮᠦᠰᠬᠦ ᠮᠠᠯᠠᠭᠠᠢ ᠳᠤ ᠪᠠᠶᠢᠳᠠᠭ ᠦᠭᠡᠢ ᠶᠤᠰᠤ ᠭᠤᠷᠢᠮ ᠴᠡᠭᠡᠷ ᠬᠤᠷᠢᠭ᠎ᠠ ᠠᠴᠠ | ᠭᠠᠳᠠᠨ᠎ᠠ ᠬᠡᠤᠬᠡᠨ ᠬᠦᠮᠦᠨ ᠪᠠ ᠡᠬᠡᠨᠡᠷ ᠬᠦᠮᠦᠨ ᠤ ᠮᠠᠯᠠᠭᠠᠢ ᠬᠡᠯᠪᠡᠷᠢ ᠶᠠᠩᠵᠦ ᠬᠡᠭᠡᠨᠴᠢᠷ ᠭᠤᠶᠤ ᠶᠢᠨ ᠬᠤᠪᠢ ᠳᠤ ᠲᠤᠳᠤᠷᠬᠠᠢ ᠢᠯᠭᠠᠭ᠎ᠠ ᠲᠠᠢ᠃ ᠬᠡᠤᠬᠡᠨ ᠬᠦᠮᠦᠨ | ᠤᠯᠠᠩᠭᠢ ᠳᠠᠭᠠᠨ ᠮᠠᠯᠠᠭᠠᠢ ᠡᠮᠦᠰᠳᠡᠭ ᠵᠠᠩᠰᠢᠯ ᠦᠭᠡᠢ᠃ ᠭᠡᠪᠡᠴᠦ ᠵᠠᠷᠢᠮ ᠬᠤᠰᠢᠭᠤ ᠨᠤᠲᠤᠭ ᠤᠨ ᠬᠡᠤᠬᠡᠨᠴᠦᠳ ᠡᠪᠦᠯ ᠤᠯᠠᠭᠠᠨ ᠰᠠᠮᠫᠠᠨ ᠤᠷᠤᠢ ᠲᠠᠢ᠂ ᠤᠯᠠᠭᠠᠨ | ᠨᠤᠭᠤᠭᠠᠨ ᠬᠤᠷᠭᠤᠢ ᠪᠠᠷ ᠴᠢᠮᠡᠭᠰᠡᠨ ᠢᠰᠡᠭᠡᠢ ᠲᠤᠭᠤᠷᠴᠤᠭ ᠡᠮᠦᠰᠴᠦ᠂ ᠵᠤᠨ ᠬᠤᠷᠭᠤᠢ ᠲᠤᠷᠭᠠᠨ ᠲᠤᠭᠤᠷᠴᠤᠭ ᠪᠤᠶᠤ ᠶᠠᠤᠳᠠᠨ ᠮᠠᠯᠠᠭᠠᠢ ᠡᠮᠦᠰᠳᠡᠭ ᠵᠠᠩᠰᠢᠯ ᠲᠠᠢ᠃ | ᠬᠡᠤᠬᠡᠨ ᠬᠦᠮᠦᠨ ᠡᠪᠦᠯ ᠤᠨ ᠬᠦᠢᠲᠡᠨ ᠳᠤ ᠪᠠᠷᠤᠭ ᠬᠦᠦ ᠬᠦᠮᠦᠨ ᠰᠢᠭ ᠬᠤᠪᠴᠠᠯᠠᠨ ᠬᠦᠳᠡᠯᠮᠦᠷᠢ ᠠᠵᠢᠯ ᠳᠤ ᠭᠠᠪᠰᠢᠭᠠᠶᠢᠯᠠᠨ ᠤᠷᠤᠯᠴᠠᠳᠠᠭ᠃ ᠬᠡᠤᠬᠡᠨ ᠬᠦᠮᠦᠨ | ᠬᠠᠷᠢ ᠳᠤ ᠮᠤᠷᠳᠠᠨ ᠬᠠᠳᠠᠮ ᠤᠨ ᠭᠠᠵᠠᠷ ᠬᠦᠷᠴᠦ᠂ ᠬᠦᠷᠭᠡᠨ ᠳᠤ ᠤᠴᠢᠨ ᠬᠦᠮᠦᠨ ᠤ ᠪᠡᠷᠢ ᠪᠤᠯᠤᠭᠰᠠᠨ ᠤ ᠳᠠᠷᠠᠭ᠎ᠠ ᠰᠠᠶ᠋ᠢ ᠴᠡᠴᠡᠭ ᠨᠠᠪᠴᠢ ᠶᠢᠨ ᠬᠠᠳᠬᠤᠮᠠᠯ ᠲᠠᠢ᠂ | ᠬᠤᠷᠭᠤᠢ ᠵᠠᠰᠠᠷ ᠢᠶᠠᠷ ᠬᠦᠪᠡᠭᠡᠯᠡᠵᠦ ᠴᠢᠮᠡᠭᠰᠡᠨ ᠤᠯᠠᠭᠠᠨ ᠰᠠᠮᠫᠠᠨ ᠵᠠᠯᠠᠭ᠎ᠠ ᠲᠠᠢ ᠲᠤᠭᠤᠢ ᠮᠠᠯᠠᠭᠠᠢ ᠡᠮᠦᠰᠬᠦ ᠪᠤᠶᠤ ᠴᠡᠴᠡᠭ ᠨᠠᠪᠴᠢ ᠶᠢᠨ ᠬᠠᠳᠬᠤᠮᠠᠯ ᠲᠠᠢ ᠴᠢᠬᠢᠪᠴᠢ | ᠵᠡᠭᠦᠭᠦ ᠶᠤᠰᠤ ᠲᠠᠢ᠃ ᠡᠭᠦᠨ ᠳᠤ ᠲᠤᠯᠤᠭᠠᠢ ᠳᠠᠭᠠᠨ ᠰᠠᠯᠠᠭ᠎ᠠ ᠭᠡᠵᠢᠭᠡ ᠶᠢᠨ ᠵᠠᠰᠠᠯ ᠲᠠᠢ ᠪᠤᠯ ᠳᠤᠭᠤᠢ ᠮᠠᠯᠠᠭᠠᠢ ᠡᠮᠦᠰᠴᠦ᠂ ᠱᠠᠩᠬᠤ ᠵᠠᠰᠠᠯ ᠲᠠᠢ ᠪᠤᠯ ᠴᠢᠬᠢᠪᠴᠢ | ᠵᠡᠭᠦᠳᠡᠭ᠃ ᠴᠢᠬᠢᠪᠴᠢ ᠶᠢ ᠬᠦᠳᠡᠭᠡ ᠭᠠᠳᠠᠭ᠎ᠠ ᠬᠦᠢᠲᠡᠨ ᠳᠤ ᠴᠢᠬᠢ ᠪᠠᠨ ᠳᠤᠯᠠᠭᠠᠯᠠᠬᠤ ᠭᠡᠵᠦ ᠵᠡᠭᠦᠭᠦ ᠠᠴᠠ ᠪᠢᠰᠢ ᠭᠡᠷ ᠲᠤ ᠵᠡᠭᠦᠳᠡᠭ ᠦᠭᠡᠢ᠂ ᠡᠶᠢᠮᠦ ᠠᠴᠠ | ᠭᠡᠷ ᠲᠤ ᠤᠷᠤᠮᠠᠭᠴᠠ ᠴᠢᠬᠢᠪᠴᠢ ᠪᠠᠨ ᠠᠪᠳᠠᠭ ᠶᠤᠰᠤ ᠲᠠᠢ᠃ ᠲᠤᠭᠤᠢ ᠮᠠᠯᠠᠭᠠᠢ ᠪᠤᠯ ᠡᠬᠡᠨᠡᠷ ᠬᠦᠮᠦᠨ ᠤ ᠲᠦᠷᠦ ᠶᠢᠨ ᠳᠦᠷᠪᠡᠨ ᠡᠳ᠋ᠯᠡᠯ ᠤᠨ ᠨᠢᠭᠡ ᠪᠤᠯᠬᠤᠷ ᠪᠠᠶᠠᠷ | ᠶᠤᠰᠤᠯᠠᠯ ᠤᠨ ᠲᠠᠯᠠᠪᠤᠷ ᠲᠤ᠂ ᠠᠪᠤ ᠡᠵᠢ ᠠᠬᠠᠰ ᠵᠠᠬᠠᠰ ᠤᠨ ᠳᠡᠷᠭᠡᠲᠡ ᠵᠠᠪᠠᠯ ᠡᠮᠦᠰᠳᠡᠭ ᠶᠤᠰᠤ ᠲᠠᠢ᠃ ᠬᠡᠵᠢᠶ᠎ᠡ ᠵᠤᠴᠢᠨ ᠮᠤᠷᠳᠠᠵᠤ᠂ ᠠᠪᠤ ᠡᠵᠢ ᠶᠢᠨ ᠭᠡᠷ ᠠᠴᠠ | ᠤᠬᠤᠷᠢᠨ ᠭᠠᠷᠴᠤ ᠠᠰ ᠤᠨ ᠭᠡᠷ ᠲᠡᠭᠡᠨ ᠤᠷᠤᠪᠠᠯ ᠰᠠᠶ᠋ᠢ ᠮᠠᠯᠠᠭᠠᠢ ᠪᠠᠨ ᠠᠪᠴᠤ ᠪᠤᠯᠳᠠᠭ᠃ ᠮᠠᠯᠠᠭᠠᠢ ᠴᠢᠬᠢᠪᠴᠢ ᠶᠢ ᠦᠨᠳᠦᠷ ᠲᠤ ᠡᠯᠭᠦᠬᠦ ᠪᠤᠶᠤ ᠲᠤᠰᠬᠠᠢ | ᠬᠠᠶᠢᠷᠴᠠᠭ ᠲᠤ ᠬᠢᠵᠦ ᠲᠠᠯᠪᠢᠳᠠᠭ᠃ ᠳᠤᠷ᠎ᠠ ᠲᠠᠪᠠ ᠪᠠᠷ ᠢᠶᠠᠨ ᠠᠳᠡ ᠲᠡᠨᠳᠡ ᠬᠠᠶᠠᠯᠠᠵᠤ ᠪᠤᠯᠳᠠᠭ ᠦᠭᠡᠢ᠂ ᠢᠯᠠᠩᠭᠤᠶ᠎ᠠ ᠦᠮᠦᠳᠦ ᠭᠤᠲᠤᠯ ᠲᠠᠢ | ᠤᠶᠢᠷᠠᠲᠤᠭᠤᠯᠬᠤ ᠶᠢ ᠴᠢᠩᠭ᠎ᠠ ᠴᠡᠭᠡᠷᠯᠡᠳᠡᠭ᠃ ᠲᠤᠯᠤᠭᠠᠢ ᠶᠢᠨ ᠵᠠᠰᠠᠯ ᠵᠡᠭᠦᠪᠡᠯ ᠰᠠᠮᠫᠠᠨ ᠵᠠᠯᠠᠭ᠎ᠠ ᠪᠦᠴᠡ ᠲᠠᠢ ᠲᠤᠭᠤᠢ ᠮᠠᠯᠠᠭᠠᠢ ᠡᠮᠦᠰᠳᠡᠭ ᠶᠤᠰᠤ ᠲᠠᠢ᠃ ᠱᠠᠩᠬᠤ | ᠵᠠᠰᠠᠯ ᠳᠤ ᠮᠠᠯᠠᠭᠠᠢ ᠡᠮᠦᠰᠳᠡᠭ ᠦᠭᠡᠢ᠃ |