ᠠ᠊ · ᠡᠷᠳᠡᠨᠢᠪᠠᠶᠠᠷ ︵1962 — 2019︶ ᠪᠣᠯ ᠰᠤᠷᠭᠠᠨ ᠬᠥᠮᠦᠵᠢᠯ ᠤᠨ ᠶᠠᠮᠤᠨ ᠤ ︽ᠴᠠᠩ ᠵᠢᠶᠠᠩ ᠡᠷᠳᠡᠮᠲᠡᠨ ᠢ ᠬᠥᠬᠢᠭᠦᠯᠦᠨ ᠱᠠᠩᠨᠠᠬᠤ ᠲᠥᠯᠥᠪᠯᠡᠭᠡ | ︾ ᠶᠢᠨ ᠣᠨᠴᠠ ᠤᠷᠢᠭᠰᠠᠨ ᠫᠷᠤᠹᠧᠰᠰᠤᠷ᠂ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠬᠤᠶᠠᠳᠤᠭᠠᠷ ᠲᠡᠰ ᠤᠨ ᠫᠷᠤᠹᠧᠰᠰᠤᠷ᠂ ᠳ᠋ᠣᠺᠲ᠋ᠣᠷᠠᠨᠲ ᠤᠨ | ᠵᠢᠯᠣᠭᠤᠳᠤᠭᠴᠢ ᠪᠠᠭᠰᠢ᠂ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠶᠢᠨ ᠳᠡᠳ᠋ ᠵᠠᠬᠢᠷᠤᠯ ︵ᠠᠵᠢᠯ ᠡᠷᠭᠢᠯᠡᠭᠰᠡᠨ︶ ᠪᠠ ᠮᠣᠩᠭᠤᠯ ᠲᠥᠪᠡᠳ ᠤᠨ ᠰᠣᠶᠣᠯ | ᠰᠤᠳᠤᠯᠬᠤ ᠲᠥᠪ ᠤᠨ ᠡᠷᠭᠢᠯᠡᠭᠴᠢ ᠪᠠᠶᠢᠪᠠ᠃ ᠲᠡᠷᠡ ᠪᠠᠰᠠ ᠲᠦᠷᠤ ᠶᠢᠨ ᠶᠠᠪᠤᠳᠠᠯ ᠤᠨ ᠬᠤᠷᠢᠶᠠᠨ ᠤ ᠡᠷᠳᠡᠮ ᠤᠨ ᠵᠡᠷᠭᠡ ᠶᠢᠨ ᠵᠥᠪᠯᠡᠯ ᠤᠨ ᠵᠢᠷᠭᠤᠳᠤᠭᠠᠷ᠂ | ᠳᠣᠯᠣᠳᠤᠭᠠᠷ ᠬᠤᠭᠤᠴᠠᠭᠠᠨ ᠤ ᠲᠤᠮᠳᠠᠳᠤ ᠤᠯᠤᠰ ᠤᠨ ᠭᠡᠯᠡ ᠤᠳᠬ᠎ᠠ ᠵᠣᠬᠢᠶᠠᠯ ᠤᠨ ᠡᠷᠳᠡᠮ ᠤᠨ ᠰᠠᠯᠠᠭᠠᠨ ᠤ ᠰᠢᠯᠭᠠᠨ ᠲᠣᠭᠲᠠᠭᠠᠬᠤ ᠳᠤᠭᠤᠶᠢᠯᠠᠩ ᠤᠨ ᠭᠡᠰᠢᠭᠦᠨ | ᠂ ᠥᠪᠡᠷᠲᠡᠭᠡᠨ ᠵᠠᠰᠠᠬᠤ ᠣᠷᠣᠨ ᠤ ᠡᠷᠳᠡᠮ ᠤᠨ ᠵᠡᠷᠭᠡ ᠶᠢᠨ ᠵᠥᠪᠯᠡᠯ ᠤᠨ ᠭᠡᠰᠢᠭᠦᠨ᠂ ᠥᠪᠥᠷ ᠮᠣᠩᠭᠤᠯ ᠤᠨ ᠤᠮᠠᠷᠠᠲᠤ ᠶᠢᠨ ᠦᠨᠳᠦᠰᠦᠲᠡᠨ ᠤ ᠰᠣᠶᠣᠯ ᠤᠨ | ᠥᠪ ᠤᠨ ᠰᠤᠳᠤᠯᠭᠠᠨ ᠤ ᠨᠡᠶᠢᠭᠡᠮᠯᠢᠭ ᠤᠨ ᠳᠠᠷᠤᠭ᠎ᠠ ᠵᠡᠷᠭᠡ ᠡᠷᠳᠡᠮ ᠰᠢᠨᠵᠢᠯᠡᠭᠡᠨ ᠤ ᠲᠤᠰᠢᠶᠠᠯ ᠢ ᠡᠭᠦᠷᠭᠡᠯᠡᠵᠦ ᠥᠩᠭᠡᠷᠡᠪᠡ᠃ ᠤᠯᠤᠰ ᠤᠨ ︽ᠲᠦᠮᠡᠨ ᠬᠥᠮᠥᠨ ᠤ | ᠲᠥᠯᠥᠪᠯᠡᠭᠡ︾ ᠶᠢᠨ ᠳᠠᠭᠠᠭᠤᠯᠤᠭᠴᠢ ᠴᠢᠳᠠᠪᠤᠷᠢᠲᠠᠨ᠂ ᠰᠣᠶᠣᠯ ᠤᠨ ᠨᠡᠷᠡᠳᠤ ᠬᠥᠮᠥᠨ ᠵᠢᠴᠢ ︽ᠲᠦᠷᠪᠡᠨ ᠨᠢᠭᠡ ᠪᠦᠯᠦᠭ︾ ᠤᠨ ᠴᠢᠳᠠᠪᠤᠷᠢᠲᠠᠨ᠂ ᠲᠦᠷᠤ ᠶᠢᠨ | ᠶᠠᠪᠤᠳᠠᠯ ᠤᠨ ᠬᠤᠷᠢᠶᠠᠨ ᠤ ᠵᠠᠰᠠᠭ ᠤᠨ ᠣᠷᠳᠣᠨ ᠤ ᠣᠨᠴᠠ ᠨᠥᠬᠦᠪᠦᠷᠢ ᠶᠢ ᠭᠦᠷᠳᠡᠭᠴᠢ᠂ ᠥᠪᠡᠷᠲᠡᠭᠡᠨ ᠵᠠᠰᠠᠬᠤ ᠣᠷᠣᠨ ᠤ ︽ᠲᠠᠯ᠎ᠠ ᠨᠤᠲᠤᠭ ᠤᠨ ᠴᠢᠳᠠᠪᠤᠷᠢᠲᠠᠨ︾ | ᠤ ᠢᠨᠵᠧᠨᠧᠷᠢᠩ ᠤᠨ ᠴᠢᠳᠠᠪᠤᠷᠢᠲᠠᠨ ᠵᠢᠴᠢ ᠠᠵᠤ ᠦᠢᠯᠡᠰ ᠤᠨ ᠰᠢᠨ᠎ᠡ ᠶᠢ ᠡᠭᠦᠳᠬᠦ ᠴᠢᠳᠠᠪᠤᠷᠢᠲᠠᠨ ᠤ ᠬᠠᠮᠲᠤ ᠨᠠᠶᠢᠳᠠ ᠶᠢᠨ ᠳᠠᠭᠠᠭᠤᠯᠤᠭᠴᠢ ᠪᠠᠶᠢᠭᠰᠠᠨ ᠪᠥᠭᠡᠳ | ᠥᠪᠥᠷ ᠮᠣᠩᠭᠤᠯ ᠤᠨ ᠭᠠᠷᠮᠠᠭᠠᠢ ᠴᠢᠳᠠᠪᠤᠷᠢᠲᠠᠨ ᠤ ᠱᠠᠩᠨᠠᠯ ᠢ ᠬᠦᠷᠲᠡᠵᠡᠢ᠃ | ᠠ᠊ · ᠡᠷᠳᠡᠨᠢᠪᠠᠶᠠᠷ ᠪᠣᠯ ᠤᠯᠤᠰ ᠤᠨ ᠳᠣᠲᠣᠭᠠᠳᠤ ᠭᠠᠳᠠᠭᠠᠳᠤ ᠳᠤ ᠠᠯᠳᠠᠷᠲᠠᠢ ᠮᠣᠩᠭᠤᠯ ᠭᠡᠯᠡ ᠪᠠ ᠲᠥᠪᠡᠳ ᠬᠡᠯᠡᠨ ᠳᠤ ᠨᠡᠪᠲᠡᠷᠡᠭᠰᠡᠨ ᠡᠷᠳᠡᠮᠲᠡᠨ ᠪᠣᠯᠣᠨ᠎ᠠ᠃ | ᠮᠣᠩᠭᠤᠯᠴᠤᠳ ᠤᠨ ᠲᠥᠪᠡᠳ ᠬᠡᠯᠡᠨ ᠤ ᠰᠤᠷᠪᠤᠯᠵᠢᠰ ᠤᠨ ᠴᠤᠭᠯᠠᠭᠤᠯᠭ᠎ᠠ᠂ ᠡᠮᠬᠢᠯᠡᠯ ᠬᠢᠭᠡᠳ ᠰᠤᠳᠤᠯᠤᠯ᠂ ᠮᠣᠩᠭᠤᠯ ᠵᠣᠬᠢᠶᠠᠯ ᠤᠨ ᠤᠨᠤᠯ ᠥᠭᠦᠯᠡᠬᠦᠢ ᠶᠢᠨ | ᠰᠤᠳᠤᠯᠤᠯ᠂ ᠮᠣᠩᠭᠤᠯ ᠲᠥᠪᠡᠳ ᠰᠢᠯᠦᠭ ᠵᠦᠢ ᠶᠢᠨ ᠬᠠᠷᠢᠴᠠᠭᠠᠨ ᠤ ᠰᠤᠳᠤᠯᠤᠯ᠂ ᠮᠣᠩᠭᠤᠯ ᠦᠨᠳᠦᠰᠦᠲᠡᠨ ᠤ ᠪᠤᠳ᠋ᠳ᠋ᠾᠠ ᠶᠢᠨ ᠱᠠᠰᠢᠨ ᠤ ᠤᠳᠬ᠎ᠠ ᠵᠣᠬᠢᠶᠠᠯ | ᠬᠢᠭᠡᠳ ᠲᠤᠯᠭᠤᠷ ᠪᠢᠴᠢᠭ ᠤᠨ ᠰᠤᠳᠤᠯᠤᠯ᠂ ᠮᠣᠩᠭᠤᠯ ᠲᠥᠪᠡᠳ ︽ᠭᠡᠰᠡᠷ︾ ᠤᠨ ᠬᠠᠷᠢᠴᠠᠭᠤᠯᠤᠭᠰᠠᠨ ᠰᠤᠳᠤᠯᠤᠯ ᠵᠡᠷᠭᠡ ᠲᠠᠯ᠎ᠠ ᠪᠠᠷ ᠴᠢᠬᠤᠯᠠ ᠶᠡᠭᠡ | ᠰᠢᠪᠲᠤᠯᠤᠯᠲᠠ ᠭᠠᠷᠭᠠᠵᠤ᠂ ᠮᠣᠩᠭᠤᠯ ᠰᠤᠳᠤᠯᠤᠯ ᠤᠨ ᠰᠢᠨᠵᠢᠯᠡᠭᠡᠨ ᠤ ᠬᠦᠷᠢᠶ᠎ᠡ ᠴᠠᠷᠠᠭ᠎ᠠ ᠶᠢ ᠥᠷᠭᠡᠳᠬᠡᠬᠦ ᠳᠤ ᠬᠦᠴᠦᠨ ᠵᠢᠳᠬᠦᠯ ᠢᠶᠠᠨ ᠨᠡᠮᠡᠷᠢᠯᠡᠵᠦ᠂ ᠬᠠᠮᠢᠶ᠎ᠠ | ᠪᠦᠬᠦᠢ ᠡᠷᠳᠡᠮᠲᠡᠳ ᠤᠨ ᠥᠨᠳᠥᠷ ᠦᠨᠡᠯᠡᠯᠲᠡ ᠶᠢ ᠣᠯᠣᠭᠰᠠᠨ ᠪᠠᠶᠢᠳᠠᠭ᠃ ᠤᠯᠤᠰ ᠤᠨ ᠳᠣᠲᠣᠭᠠᠳᠤ ᠭᠠᠳᠠᠭᠠᠳᠤ ᠶᠢᠨ ᠰᠡᠳᠬᠦᠯ ᠳᠡᠭᠡᠷ᠎ᠡ 30 ᠭᠠᠷᠤᠢ ᠡᠷᠳᠡᠮ | ᠰᠢᠨᠵᠢᠯᠡᠭᠡᠨ ᠤ ᠥᠭᠦᠯᠡᠯ ᠢ ᠢᠯᠡ ᠪᠠᠷ ᠨᠡᠶᠢᠲᠡᠯᠡᠵᠦ᠂ ᠲᠤᠰᠬᠠᠢ ᠪᠦᠲᠦᠭᠡᠯ᠂ ᠨᠠᠶᠢᠷᠠᠭᠤᠯᠤᠨ ᠵᠣᠬᠢᠶᠠᠭᠰᠠᠨ ᠪᠦᠲᠦᠭᠡᠯ ᠪᠣᠯᠣᠨ ᠣᠷᠴᠢᠭᠤᠯᠤᠭᠰᠠᠨ ᠪᠦᠲᠦᠭᠡᠯ 10 | ᠭᠠᠷᠤᠢ ᠬᠡᠪᠯᠡᠭᠦᠯᠵᠡᠢ᠃ ᠠ᠊ · ᠡᠷᠳᠡᠨᠢᠪᠠᠶᠠᠷ ᠤᠨ ᠵᠣᠬᠢᠶᠠᠯ ᠪᠦᠲᠦᠭᠡᠯ ᠤᠨ ︽ᠴᠢᠭᠤᠯᠭᠠᠨ︾ ᠳᠤ ᠲᠡᠭᠦᠨ ᠤ ᠮᠠᠰᠢ ᠤᠯᠠᠨ ᠡᠷᠳᠡᠮ ᠰᠢᠨᠵᠢᠯᠡᠭᠡᠨ ᠤ ᠪᠦᠲᠦᠭᠡᠯ | ᠳᠣᠲᠣᠷ᠎ᠠ ᠠᠴᠠ ᠥᠪᠥᠷ ᠮᠣᠩᠭᠤᠯ ᠤᠨ ᠭᠦᠨ ᠤᠬᠠᠭᠠᠨ ᠨᠡᠶᠢᠭᠡᠮ ᠤᠨ ᠰᠢᠨᠵᠢᠯᠡᠬᠦ ᠤᠬᠠᠭᠠᠨ ᠤ ᠰᠢᠯᠢᠳᠡᠭ ᠦᠷ᠎ᠡ ᠪᠦᠲᠦᠭᠡᠯ ᠤᠨ ᠵᠠᠰᠠᠭ ᠤᠨ ᠣᠷᠳᠣᠨ ᠤ | ᠨᠢᠭᠡᠳᠦᠭᠡᠷ ᠲᠡᠰ ᠤᠨ ᠱᠠᠩᠨᠠᠯ ᠢ ᠭᠥᠷᠳᠡᠭᠰᠡᠨ ᠬᠤᠶᠠᠷ ᠲᠤᠰᠬᠠᠢ ᠪᠦᠲᠦᠭᠡᠯ᠂ ᠬᠤᠶᠠᠳᠤᠭᠠᠷ ᠲᠡᠰ ᠤᠨ ᠱᠠᠩᠨᠠᠯ ᠭᠥᠷᠳᠡᠭᠰᠡᠨ ᠨᠢᠭᠡ ᠲᠤᠰᠬᠠᠢ ᠪᠦᠲᠦᠭᠡᠯ᠂ | ᠨᠡᠶᠢᠭᠡᠮ ᠤᠨ ᠰᠢᠨᠵᠢᠯᠡᠬᠦ ᠤᠬᠠᠭᠠᠨ ᠤ ᠲᠤᠯᠭᠤᠷ ᠪᠢᠴᠢᠭ ᠤᠨ ᠬᠡᠪᠯᠡᠯ ᠤᠨ ᠬᠤᠷᠢᠶᠠᠨ ᠤ ᠬᠡᠪᠯᠡᠭᠦᠯᠦᠭᠰᠡᠨ ᠨᠢᠭᠡ ᠲᠤᠰᠬᠠᠢ ᠪᠦᠲᠦᠭᠡᠯ ᠵᠢᠴᠢ 30 ᠭᠠᠷᠤᠢ ᠡᠷᠳᠡᠮ | ᠰᠢᠨᠵᠢᠯᠡᠭᠡᠨ ᠤ ᠥᠭᠦᠯᠡᠯ ᠰᠣᠩᠭᠤᠭᠳᠠᠨ ᠣᠷᠣᠵᠠᠢ᠃ | ᠠ᠊ · ᠡᠷᠳᠡᠨᠢᠪᠠᠶᠠᠷ ᠤᠨ ᠵᠣᠬᠢᠶᠠᠯ ᠪᠦᠲᠦᠭᠡᠯ ᠤᠨ ︽ᠴᠢᠭᠤᠯᠭᠠᠨ︾ ᠨᠢ ᠨᠡᠶᠢᠳᠡ ᠵᠢᠷᠭᠤᠭᠠᠨ ᠪᠣᠳᠢ᠂ ᠪᠠᠷᠤᠭ 250 ᠲᠦᠮᠡᠨ ᠦᠰᠦᠭ ᠲᠠᠢ᠃ ᠰᠠᠵᠠ | ᠪᠠᠨᠳᠢᠳᠠ ᠭᠦᠩᠭᠠᠵᠠᠯᠰᠠᠨ᠂ ᠽᠠᠶ᠎ᠠ ᠪᠠᠨᠳᠢᠳᠠ ᠯᠣᠪᠰᠠᠩᠫᠡᠷᠡᠩᠯᠠᠢ᠂ ᠰᠦᠮᠪᠠ ᠬᠠᠮᠪᠤ ᠢᠰᠢᠪᠠᠯᠵᠤᠷ᠂ ᠠᠯᠠᠱᠠ ᠯᡁᠠᠷᠠᠮᠪᠠ ᠠᠭᠸᠠᠩᠳᠠᠨᠳᠠᠷ᠂ ᠨᠠᠢᠮᠠᠨ ᠲᠦᠢᠨ | ᠵᠠᠮᠪᠠᠯᠳᠣᠷᠵᠢ ᠶᠢᠨ ᠰᠤᠳᠤᠯᠤᠯ᠂ ︽ᠵᠣᠬᠢᠰᠲᠤ ᠠᠶᠠᠯᠭᠤ ᠶᠢᠨ ᠲᠣᠯᠢ︾ ᠶᠢᠨ ᠲᠤᠺᠰᠲ ᠰᠤᠳᠤᠯᠤᠯ᠂ ︽ᠰᠢᠳᠢᠲᠦ ᠬᠡᠭᠦᠷ ᠤᠨ ᠦᠯᠢᠭᠡᠷ︾ ᠤᠨ ᠣᠷᠴᠢᠭᠤᠯᠭ᠎ᠠ | ᠵᠢᠴᠢ ᠶᠤᠸᠠᠨ᠂ ᠮᠢᠩ᠂ ᠴᠢᠩ ᠤᠨ ᠦᠶ᠎ᠡ ᠶᠢᠨ ᠮᠣᠩᠭᠤᠯᠴᠤᠳ ᠤᠨ ᠲᠥᠪᠡᠳ ᠬᠡᠯᠡᠨ ᠤ ᠰᠤᠷᠪᠤᠯᠵᠢ ᠪᠢᠴᠢᠭ ᠢ ᠴᠤᠭᠯᠠᠭᠤᠯᠬᠤ᠂ ᠡᠮᠬᠢᠳᠬᠡᠬᠦ ᠪᠠ ᠰᠤᠳᠤᠯᠬᠤ | ᠵᠡᠷᠭᠡ ᠬᠠᠷᠢᠯᠴᠠᠨ ᠢᠯᠭᠠᠭ᠎ᠠ ᠲᠠᠢ ᠮᠥᠷᠲᠡᠭᠡᠨ ᠨᠢᠭᠲᠠ ᠬᠤᠯᠪᠤᠭ᠎ᠠ ᠲᠠᠢ ᠡᠷᠳᠡᠮ ᠰᠢᠨᠵᠢᠯᠡᠭᠡᠨ ᠤ ᠬᠦᠷᠢᠶ᠎ᠡ ᠴᠠᠷᠠᠭ᠎ᠠ ᠶᠢ ᠬᠠᠮᠤᠷᠤᠭᠰᠠᠨ ᠪᠠᠶᠢᠨ᠎ᠠ᠃ ᠡᠭᠦᠨ ᠳᠤ᠂ | ᠡᠮᠦᠨᠡᠬᠢ ᠲᠠᠪᠤᠨ ᠪᠣᠳᠢ ᠳᠤ ︽ᠢᠰᠢᠪᠠᠯᠵᠤᠷ ᠤᠨ ᠰᠢᠯᠦᠭ ᠵᠦᠢ ᠶᠢᠨ ᠰᠤᠳᠤᠯᠤᠯ︾᠂ ︽︿ᠵᠣᠬᠢᠰᠲᠤ ᠠᠶᠠᠯᠭᠤ ᠶᠢᠨ ᠲᠣᠯᠢ﹀ ᠶᠢᠨ ᠰᠤᠳᠤᠯᠤᠯ︾᠂ ︽︿ | ᠵᠠᠮᠪᠠᠯᠳᠣᠷᠵᠢ ᠰᠤᠳᠤᠯᠤᠯ﹀᠂ ︿ᠰᠢᠳᠢᠲᠦ ᠬᠡᠭᠦᠷ ᠤᠨ ᠦᠯᠢᠭᠡᠷ﹀︾᠂ ︽︿ᠮᠡᠷᠭᠡᠳ ᠣᠷᠣᠬᠤ ᠶᠢᠨ ᠬᠠᠭᠠᠯᠭ᠎ᠠ﹀ ᠪᠠ ︿ᠰᠠᠶᠢᠨ ᠨᠣᠮᠯᠠᠯ ᠤᠨ ᠨᠡᠷᠡᠨ ᠭᠡᠷᠡᠯ﹀ ᠤᠨ | ᠬᠠᠷᠢᠴᠠᠭᠤᠯᠤᠭᠰᠠᠨ ᠰᠤᠳᠤᠯᠤᠯ︾᠂ ︽︿ᠮᠡᠷᠭᠡᠳ ᠣᠷᠣᠬᠤ ᠶᠢᠨ ᠬᠠᠭᠠᠯᠭ᠎ᠠ﹀ ᠶᠢᠨ ᠶᠡᠷᠦᠩᠬᠡᠶᠢᠯᠡᠭᠰᠡᠨ ᠰᠤᠳᠤᠯᠤᠯ︾ ᠵᠡᠷᠭᠡ ᠲᠦᠷᠪᠡᠨ ᠲᠤᠰᠬᠠᠢ ᠪᠦᠲᠦᠭᠡᠯ ᠪᠠ | ᠬᠤᠶᠠᠷ ᠣᠷᠴᠢᠭᠤᠯᠭ᠎ᠠ ᠶᠢᠨ ᠪᠦᠲᠦᠭᠡᠯ ᠵᠢᠴᠢ ᠬᠤᠯᠪᠣᠭᠳᠠᠯ ᠪᠦᠬᠦᠢ ᠥᠭᠦᠯᠡᠯ ᠢ ᠰᠣᠩᠭᠤᠨ ᠣᠷᠣᠭᠤᠯᠵᠤ᠂ ᠬᠠᠮᠤᠭ ᠤᠨ ᠰᠡᠭᠦᠯ ᠤᠨ ᠪᠣᠳᠢ ᠳᠤ ᠵᠣᠬᠢᠶᠠᠭᠴᠢ ᠶᠢᠨ | ᠮᠣᠩᠭᠤᠯ᠂ ᠬᠢᠲᠠᠳ᠂ ᠠᠩᠭ᠍ᠯᠢ᠂ ᠺᠠᠷᠢᠯ ᠦᠰᠦᠭ ᠢᠶᠠᠷ ᠨᠡᠶᠢᠲᠡᠯᠡᠭᠰᠡᠨ ᠬᠤᠷᠢᠭᠠᠳ ᠬᠤᠪᠢ ᠡᠷᠳᠡᠮ ᠰᠢᠨᠵᠢᠯᠡᠭᠡᠨ ᠤ ᠥᠭᠦᠯᠡᠯ᠂ ᠭᠤᠷᠪᠠᠨ ᠬᠤᠪᠢ ᠨᠣᠮ ᠤᠨ | ᠰᠢᠭᠦᠮᠵᠢ ᠬᠢᠭᠡᠳ ᠲᠤᠯᠤᠭᠠᠨ ᠬᠤᠪᠢ ᠳᠤᠷᠠᠳᠬᠠᠯ ᠲᠡᠮᠳᠡᠭᠯᠡᠯ ᠤᠨ ᠵᠣᠬᠢᠶᠠᠯ ᠤᠳ ᠰᠣᠩᠭᠤᠭᠳᠠᠵᠠᠢ᠃ | ᠠ᠊ · ᠡᠷᠳᠡᠨᠢᠪᠠᠶᠠᠷ ᠤᠨ ᠵᠣᠬᠢᠶᠠᠯ ᠪᠦᠲᠦᠭᠡᠯ ᠤᠨ ︽ᠴᠢᠭᠤᠯᠭᠠᠨ︾ ᠪᠣᠯ ᠠ᠊ · ᠡᠷᠳᠡᠨᠢᠪᠠᠶᠠᠷ ᠫᠷᠤᠹᠧᠰᠰᠤᠷ ᠤᠨ ᠨᠢᠭᠡ ᠨᠠᠰᠤᠨ ᠤ ᠡᠷᠳᠡᠮ ᠰᠢᠨᠵᠢᠯᠡᠭᠡᠨ ᠤ | ᠦᠷ᠎ᠡ ᠪᠦᠲᠦᠭᠡᠯ ᠤᠨ ᠡᠮᠬᠢᠳᠬᠡᠯ᠂ ᠡᠷᠳᠡᠮ ᠰᠢᠨᠵᠢᠯᠡᠭᠡᠨ ᠤ ᠠᠮᠵᠢᠯᠲᠠ ᠪᠦᠳᠤᠮᠵᠢ ᠶᠢᠨ ᠴᠣᠮᠬᠠᠳᠬᠠᠯ᠂ ᠮᠥᠨ ᠴᠤ ᠲᠡᠭᠦᠨ ᠤ ᠮᠣᠩᠭᠤᠯ ᠦᠨᠳᠦᠰᠦᠲᠡᠨ ᠤ | ᠲᠥᠪᠡᠳ ᠬᠡᠯᠡᠨ ᠳᠡᠭᠡᠷᠡᠬᠢ ᠰᠤᠷᠪᠤᠯᠵᠢ ᠪᠢᠴᠢᠭ ᠤᠨ ᠣᠷᠴᠢᠭᠤᠯᠭ᠎ᠠ ᠪᠠ ᠰᠤᠳᠤᠯᠤᠯ ᠵᠢᠴᠢ ᠮᠣᠩᠭᠤᠯ ᠲᠥᠪᠡᠳ ᠤᠨ ᠰᠣᠶᠣᠯ ᠤᠨ ᠰᠢᠨᠵᠢᠯᠡᠭᠡᠨ ᠤ ᠰᠠᠯᠠᠭ᠎ᠠ ᠶᠢᠨ | ᠪᠦᠲᠦᠭᠡᠨ ᠪᠠᠶᠢᠭᠤᠯᠤᠯᠲᠠ ᠳᠤ ᠦᠵᠡᠭᠦᠯᠦᠭᠰᠡᠨ ᠭᠠᠷᠮᠠᠭᠠᠢ ᠬᠤᠪᠢ ᠨᠡᠮᠡᠷᠢ ᠶᠢᠨ ᠬᠠᠷᠠᠭᠤᠯᠤᠯ ᠪᠣᠯᠣᠨ᠎ᠠ᠃ |