ᠲᠡᠮᠬᠡᠳᠤ᠂ ᠬᠢᠳᠠᠳ ᠨᠡᠷ᠎ᠡ ᠨᠢ ᠸᠠᠩ ᠿᠥᠢ ᠴᠠᠩ᠂ ᠡᠷᠭᠦᠭᠰᠡᠨ ᠨᠡᠷ᠎ᠡ ᠨᠢ ᠶᠢᠨ ᠾᠸᠤ ᠭᠡᠳᠡᠭ᠃ 1887 ᠤᠨ ᠤ ᠬᠠᠭᠤᠴᠢᠨ ᠤᠯᠠᠷᠢᠯ ᠤᠨ 12 ᠰᠠᠷ᠎ᠠ | ᠶᠢᠨ 7 ᠤ ᠡᠳᠥᠷ᠂ ᠤᠤᠯ ᠤᠨ ᠥᠪᠥᠷ ᠮᠤᠩᠭᠤᠯ ᠤᠨ ᠵᠤᠰᠤᠳᠤ ᠶᠢᠨ ᠴᠢᠭᠤᠯᠭᠠᠨ ᠤ ᠬᠠᠷᠠᠴᠢᠨ ᠪᠠᠷᠠᠭᠤᠨ ᠬᠤᠰᠢᠭᠤᠨ ᠤ ᠸᠠᠩ ᠤᠨ ᠤᠷᠳᠤᠨ ᠤ ᠮᠥᠩᠬᠦᠨ ᠠᠶᠢᠯ | ︵ᠤᠳᠤᠬᠢ ᠤᠯᠠᠭᠠᠨᠬᠠᠳᠠ ᠬᠤᠲᠠ ᠶᠢᠨ ᠬᠠᠷᠠᠴᠢᠨ ᠬᠤᠰᠢᠭᠤᠨ ᠤ ᠳ᠋ᠠ ᠰᠢ ᠭᠸᠤ ᠲᠤᠰᠬᠤᠨ︶ ᠤᠨ ᠨᠢᠭᠡᠨ ᠶᠠᠳᠠᠭᠤ ᠬᠡᠷ ᠲᠤ ᠲᠥᠷᠥᠵᠡᠢ᠃ | ᠲᠡᠮᠬᠡᠳᠤ ᠬᠠᠷᠠᠬᠠᠨ ᠪᠠᠭ᠎ᠠ ᠠᠴᠠ ᠪᠠᠨ ᠴᠤᠪᠤᠭᠤ ᠰᠡᠷᠬᠦᠯᠡᠩ᠂ ᠠᠪᠠᠭ᠋ᠠᠯᠵᠢ ᠰᠤᠷᠭᠤᠭ᠂ ᠠᠪᠢᠶᠠᠰ ᠪᠢᠯᠢᠭ ᠤᠯᠠᠨ ᠠᠴᠠ ᠬᠡᠳᠦ᠋ᠢᠳᠥᠭᠰᠡᠨ ᠲᠤᠯᠠ ᠬᠠᠷᠠᠴᠢᠨ | ᠪᠠᠷᠠᠭᠤᠨ ᠭᠠᠷᠤᠨ ᠬᠤᠰᠢᠭᠤᠨ ᠤ ᠸᠠᠩ ᠨᠤᠶᠠᠨ — ᠮᠤᠩᠭᠤᠯ ᠲᠥᠪᠡᠳ ᠤᠨ ᠬᠡᠷᠡᠭ ᠡᠷᠬᠢᠯᠡᠬᠦ ᠲᠤᠪᠴᠢᠶᠠᠨ ᠤ ᠬᠠᠮᠤᠭ ᠠᠩᠬᠠᠨ ᠤ ᠶᠡᠷᠥᠩᠬᠡᠶᠢᠯᠡᠭᠴᠢ | ᠬᠥᠩᠰᠠᠨᠨᠤᠷᠪᠤ ︵ᠶᠡᠷᠤ ᠬᠥᠩ ᠸᠠᠩ ᠭᠡᠵᠤ ᠲᠥᠭᠦᠮᠴᠢᠯᠡᠨ ᠲᠠᠭᠤᠳᠠᠳᠠᠭ︶ ᠥᠵᠡᠵᠤ ᠲᠤᠭᠤᠭᠠᠳ᠂ ᠵᠢᠷᠤᠮ ᠤᠨ ᠬᠥᠪᠡᠭᠦᠨ ᠢᠶᠠᠨ ᠪᠤᠯᠭᠠᠵᠤ᠂ ᠲᠤᠰ ᠬᠤᠰᠢᠭᠤᠨ | ᠳᠠᠭᠠᠨ ᠪᠠᠶᠢᠭᠤᠯᠤᠭᠰᠠᠨ ᠮᠤᠩᠭᠤᠯ ᠥᠨᠳᠥᠰᠥᠲᠡᠨ ᠤ ᠠᠩᠬᠠᠨ ᠤ ︽ᠭᠠᠳᠠᠭᠠᠳᠤ︾ ᠮᠠᠶ᠋ᠢᠭ ᠤᠨ ᠰᠤᠷᠭᠠᠭᠤᠯᠢ — ᠽᠥᠩ ᠵᠢᠩ ᠰᠤᠷᠭᠠᠭᠤᠯᠢ ᠳᠤ | ᠲᠠᠨᠢᠯᠴᠠᠭᠤᠯᠤᠨ ᠥᠭᠴᠤ ᠬᠢᠳᠠᠳ ᠮᠤᠩᠭᠤᠯ ᠪᠢᠴᠢᠭ ᠢ ᠵᠡᠷᠭᠡ ᠪᠠᠷ ᠰᠤᠷᠭᠠᠭᠰᠠᠨ ᠪᠠᠶᠢᠨ᠎ᠠ᠃ | 1903 ᠤᠨ ᠳᠤ ᠲᠡᠮᠬᠡᠳᠤ ᠶᠢᠨ ᠰᠤᠷᠤᠯᠭ᠎ᠠ ᠶᠢᠨ ᠬᠢᠷᠢ ᠪᠥᠳᠥᠮᠵᠢ ᠤᠯᠠᠨ ᠠᠴᠠ ᠤᠷᠦ᠋ᠢᠯᠠᠭᠰᠠᠨ ᠲᠤᠯᠠ ᠪᠡᠭᠡᠵᠢᠩ ᠤᠨ ᠴᠥᠩᠪᠥ᠋ ᠭᠤᠳᠤᠮᠵᠢ ᠶᠢᠨ ᠵᠡᠭᠦᠨ | ᠮᠤᠵᠢ ᠶᠢᠨ ᠲᠡᠮᠥᠷ ᠵᠠᠮ ᠤᠨ ᠤᠷᠤᠰ ᠬᠡᠯᠡᠨ ᠤ ᠰᠤᠷᠭᠠᠭᠤᠯᠢ ᠳᠤ ᠲᠤᠮᠢᠯᠠᠭᠳᠠᠨ ᠤᠴᠢᠵᠤ᠂ ᠲᠤᠰᠬᠠᠶᠢᠯᠠᠨ ᠤᠷᠤᠰ ᠬᠡᠯᠡ ᠰᠤᠷᠤᠯᠴᠠᠪᠠ᠃ ᠰᠡᠭᠦᠯᠡᠷ ᠨᠢ ᠨᠠᠢᠮᠠᠨ | ᠤᠯᠤᠰ ᠤᠨ ᠬᠤᠯᠪᠤᠭᠠᠳᠤ ᠴᠡᠷᠢᠭ ᠪᠡᠭᠡᠵᠢᠩ ᠳᠤ ᠤᠷᠤᠵᠤ ᠢᠷᠡᠭᠡᠳ ᠶᠡᠬᠡᠪᠡᠷ ᠤᠤᠯᠭᠠᠯᠠᠭᠰᠠᠨᠠ᠂ ᠲᠡᠷᠡ ᠠᠷᠭ᠎ᠠ ᠪᠤᠰᠤ ᠰᠤᠷᠤᠯᠭ᠎ᠠ ᠪᠠᠨ ᠵᠤᠭᠰᠤᠵᠤ | ᠨᠤᠳᠤᠭ ᠲᠠᠭᠠᠨ ᠪᠤᠴᠠᠵᠠᠢ᠃ | 1906 ᠤᠨ ᠳᠤ ᠲᠡᠮᠬᠡᠳᠤ ᠶᠠᠫᠤᠨ ᠤ ᠲᠤᠤᠺᠢᠤ᠋ ᠶᠢᠨ ᠵᠠᠨ ᠡᠤ ᠰᠤᠷᠭᠠᠭᠤᠯᠢ ᠶᠢᠨ ᠬᠠᠭᠤᠷᠠᠢ ᠵᠠᠮ ᠤᠨ ᠴᠡᠷᠢᠭ ᠤᠨ ᠲᠠᠷᠤᠭ᠎ᠠ ᠶᠢᠨ ᠰᠤᠷᠭᠠᠭᠤᠯᠢ ᠳᠤ ᠤᠷᠤᠵᠤ | ᠰᠤᠷᠤᠯᠴᠠᠪᠠ᠃ ᠰᠤᠷᠤᠯᠭ᠎ᠠ ᠲᠡᠭᠦᠰᠥᠭᠰᠡᠨ ᠤ ᠲᠠᠷᠠᠭ᠎ᠠ᠂ ᠠᠨᠠᠭᠠᠬᠤ ᠤᠬᠠᠭᠠᠨ ᠢ ᠰᠤᠷᠬᠤ ᠪᠠᠷ ᠰᠢᠢᠳᠴᠤ᠂ ᠲᠤᠤᠺᠢᠤ᠋ ᠶᠢᠨ ᠰᠧ ᠾᠥᠢ ᠶᠢᠨ ᠡᠮᠨᠡᠯᠭᠡ ᠶᠢᠨ | ᠰᠤᠷᠭᠠᠭᠤᠯᠢ ᠳᠤ ᠰᠢᠯᠵᠢᠨ ᠤᠴᠢᠵᠤ ᠰᠤᠷᠤᠯᠴᠠᠵᠠᠢ᠃ ᠲᠡᠭᠡᠭᠡᠳ ᠲᠡᠷᠡ ᠶᠠᠫᠤᠨ ᠳᠤ ᠨᠡᠶᠢᠳᠡ 6 ᠵᠢᠯ ᠰᠤᠷᠤᠯᠴᠠᠵᠤ ᠤᠯᠤᠰ ᠲᠠᠭᠠᠨ ᠪᠤᠴᠠᠵᠤ ᠢᠷᠡᠭᠡᠳ ᠤᠷᠴᠢᠨ | ᠥᠶ᠎ᠡ ᠶᠢᠨ ᠶᠠᠫᠤᠨ ᠳᠤ ᠰᠤᠷᠤᠯᠴᠠᠭᠰᠠᠨ ᠮᠤᠩᠭᠤᠯ ᠥᠨᠳᠥᠰᠥᠲᠡᠨ ᠤ ᠬᠠᠮᠤᠭ ᠲᠥᠷᠥᠭᠦᠴᠢ ᠶᠢᠨ ᠨᠢᠭᠡᠨ ᠪᠥᠯᠥᠭ ᠰᠤᠷᠤᠭᠴᠢᠳ ᠤᠨ ᠨᠢᠭᠡ ᠨᠢ ᠪᠤᠯᠤᠭᠰᠠᠨ ᠶᠤᠮ᠃ | | 1912 ~ 1913 ᠬᠥᠷᠲᠡᠯ᠎ᠡ ᠲᠡᠮᠬᠡᠳᠤ ᠬᠠᠷᠠᠴᠢᠨ ᠬᠤᠰᠢᠭᠤᠨ ᠤ ᠸᠠᠩ ᠤᠨ ᠤᠷᠳᠤᠨ ᠪᠠ ᠤᠯᠠᠭᠠᠨᠬᠠᠳᠠ ᠵᠡᠷᠭᠡ ᠭᠠᠵᠠᠷ ᠲᠤ ᠵᠢᠯ ᠢᠯᠡᠭᠦᠥ ᠡᠮᠴᠢᠯᠡᠪᠡ᠃ | 1914 ᠤᠨ ᠳᠤ ᠲᠡᠮᠬᠡᠳᠤ ᠪᠡᠭᠡᠵᠢᠩ ᠳᠤ ᠰᠢᠯᠵᠢᠨ ᠢᠷᠡᠵᠤ᠂ ᠮᠤᠩᠭᠤᠯ ᠲᠥᠪᠡᠳ ᠤᠨ ᠬᠥᠷᠢᠶᠡᠯᠡᠩ ᠳᠤ ᠤᠷᠴᠢᠭᠤᠯᠤᠭᠴᠢ ᠲᠥᠰᠢᠮᠡᠯ᠂ ᠲᠡᠷᠢᠭᠦᠨ | ᠵᠡᠷᠭᠡ ᠶᠢᠨ ᠤᠷᠴᠢᠭᠤᠯᠤᠭᠴᠢ ᠲᠥᠰᠢᠮᠡᠯ᠂ ᠤᠯᠠᠨ ᠶᠠᠪᠤᠳᠠᠯ ᠤᠨ ᠰᠠᠯᠠᠭᠠᠨ ᠲᠠᠷᠤᠭ᠎ᠠ᠂ ᠶᠤᠰᠤᠯᠠᠯ ᠤᠨ ᠬᠡᠷᠡᠭ ᠡᠷᠬᠢᠯᠡᠬᠦ ᠬᠡᠯᠳᠡᠰ ᠤᠨ ᠠᠵᠢᠯᠳᠠᠨ ᠵᠡᠷᠭᠡ ᠲᠤᠰᠢᠶᠠᠯ ᠢ | ᠬᠠᠷᠢᠭᠤᠴᠠᠵᠤ ᠥᠩᠭᠡᠷᠡᠭᠰᠡᠨ ᠪᠥᠭᠡᠳ ᠮᠤᠩᠭᠤᠯ ᠲᠥᠪᠡᠳ ᠰᠤᠷᠭᠠᠭᠤᠯᠢ ᠳᠤ ᠪᠠᠰᠠ ᠪᠠᠭᠰᠢᠯᠠᠵᠤ ᠪᠠᠶᠢᠪᠠ᠃ ᠡᠨᠡ ᠬᠤᠭᠤᠴᠠᠭᠠᠨ ᠳᠤ ᠮᠥᠨ ᠸᠠᠩ ᠬᠥᠩ ᠤᠨ ᠪᠠᠷ᠎ᠠ | ᠪᠤᠯᠵᠤ᠂ ᠮᠤᠩᠭᠤᠯ ᠲᠥᠪᠡᠳ ᠤᠨ ᠴᠢᠬᠤᠯᠠ ᠬᠤᠷᠠᠯ ᠪᠠ ᠭᠠᠳᠠᠭᠠᠳᠤ ᠶᠠᠪᠤᠳᠠᠯ ᠤᠨ ᠬᠥᠳᠡᠯᠭᠡᠭᠡᠨ ᠳᠤ ᠤᠷᠤᠯᠴᠠᠵᠤ ᠪᠠᠶᠢᠵᠠᠢ᠃ | 1915 ᠤᠨ ᠠᠴᠠ ᠡᠬᠢᠯᠡᠵᠤ ᠲᠡᠮᠬᠡᠳᠤ ᠤᠯᠤᠰ ᠤᠨ ᠲᠤᠳᠤᠭᠠᠳᠤ ᠭᠠᠳᠠᠭᠠᠳᠤ ᠶᠢᠨ ᠬᠤᠷᠭᠤᠯᠵᠢᠨ ᠪᠠᠷ ᠤᠨ ᠭᠠᠷ ᠤᠷᠠᠯᠠᠯ ᠳᠤ ᠬᠥᠢᠴᠡᠳ ᠰᠤᠳᠤᠯᠤᠯᠭ᠎ᠠ | ᠬᠢᠭᠰᠡᠨ ᠤ ᠲᠠᠷᠠᠭ᠎ᠠ᠂ ᠶᠠᠭᠤᠨ ᠤ ᠡᠮᠥᠨ᠎ᠡ ᠮᠤᠩᠭᠤᠯ ᠥᠰᠥᠭ ᠪᠤᠯ ᠵᠠᠯᠭᠠᠮᠠᠯ ᠠᠪᠢᠶᠠᠨ ᠤ ᠥᠰᠥᠭ ᠪᠤᠯᠬᠤ ᠤᠨᠴᠠᠯᠢᠭ ᠢ ᠥᠨᠳᠥᠰᠥᠯᠡᠨ᠂ ᠲᠡᠭᠦᠨ ᠤ ᠥᠬᠡ ᠪᠥᠳᠥᠬᠦ | ᠶᠤᠰᠤᠭᠠᠷ ᠮᠤᠩᠭᠤᠯ ᠪᠢᠴᠢᠭ ᠤᠨ ᠴᠠᠭᠠᠨ ᠲᠤᠯᠤᠭᠠᠢ ᠶᠢᠨ ᠥᠰᠥᠭ ᠢ ᠡᠬᠢᠨ᠂ ᠲᠤᠮᠳᠠ᠂ ᠠᠳᠠᠭ ᠲᠤ ᠤᠷᠤᠬᠤ ᠭᠤᠷᠪᠠᠨ ᠬᠡᠯᠪᠡᠷᠢ ᠪᠠᠷ ᠨᠡᠶᠢᠳᠡ 4 ᠵᠠᠭᠤ ᠢᠯᠡᠭᠦᠥ | ᠥᠰᠥᠭ ︵ᠮᠤᠩᠭᠤᠯ ᠥᠰᠥᠭ 324᠂ ᠡᠭᠦᠨ ᠤ ᠲᠡᠭᠡᠷ᠎ᠡ ᠮᠠᠨᠵᠤ ᠥᠰᠥᠭ ᠤᠨ ᠤᠨᠴᠠ ᠴᠢᠬᠤᠯᠠᠴᠢᠯᠠᠯ ᠲᠠᠢ ᠡᠬᠢᠨ ᠳᠤ ᠤᠷᠤᠬᠤ ᠥᠰᠥᠭ ᠢ ᠨᠡᠮᠡᠭᠰᠡᠨ ᠪᠠᠶᠢᠨ᠎ᠠ︶ | ᠢ ᠴᠥᠮ ᠬᠢᠴᠢᠶᠡᠩᠬᠦᠢ ᠪᠢᠴᠢᠯᠭᠡ ᠪᠠᠷ ᠴᠠᠭᠠᠰᠤᠨ ᠲᠡᠭᠡᠷ᠎ᠡ ᠲᠡᠭᠰᠢ ᠰᠠᠶᠢᠬᠠᠨ ᠪᠢᠴᠢᠵᠤ᠂ ᠲᠥᠷᠥᠯ ᠵᠥᠢᠯ ᠬᠤᠪᠢᠶᠠᠨ ᠵᠢᠭᠰᠠᠭᠠᠵᠤ᠂ ᠭᠤᠶᠤ ᠰᠠᠶᠢᠬᠠᠨ ᠪᠢᠴᠢᠭᠰᠡᠨ | ᠲᠥᠷᠰᠤ ᠶᠢ ᠰᠤᠩᠭᠤᠨ ᠭᠠᠷᠭᠠᠵᠤ᠂ ᠤᠷᠢᠳᠠᠪᠠᠷ ᠭᠡᠷᠡᠯ ᠵᠢᠷᠤᠭ ᠠᠪᠴᠤ ᠪᠠᠭᠠᠰᠬᠠᠭᠠᠳ ᠬᠡᠪ ᠪᠤᠯᠭᠠᠭᠰᠠᠨ ᠤ ᠲᠠᠷᠠᠭ᠎ᠠ᠂ ᠲᠠᠮᠠᠭ᠎ᠠ ᠰᠡᠶᠢᠯᠬᠦ ᠨᠠᠷᠢᠯᠢᠭ ᠮᠤᠳᠤ ᠶᠢ | ᠤᠯᠵᠤ᠂ ᠤᠷᠠᠨ ᠴᠢᠳᠠᠮᠠᠭᠠᠢ ᠭᠠᠷ ᠢᠶᠠᠷ ᠢᠶᠠᠨ ᠮᠤᠩᠭᠤᠯ ᠥᠰᠥᠭ ᠤᠨ ᠴᠠᠭᠠᠨ ᠲᠤᠯᠤᠭᠠᠢ ᠶᠢᠨ ᠥᠰᠥᠭ ᠢ ᠨᠠᠷᠢᠪᠴᠢᠯᠠᠵᠤ ᠪᠠᠶᠢᠭᠠᠳ ᠤᠷᠠᠯᠠᠨ ᠰᠡᠶᠢᠯᠵᠤ᠂ ᠲᠠᠬᠢᠨ | ᠲᠠᠪᠳᠠᠨ ᠥᠯᠢᠭᠡᠷ ᠬᠡᠪ ᠬᠢᠵᠤ᠂ ᠠᠬᠢᠨ ᠲᠠᠬᠢᠨ ᠥᠢᠯᠡᠳᠥᠯᠭᠡ ᠬᠢᠵᠠᠢ᠃ ᠲᠡᠭᠦᠨᠴᠢᠯᠠᠨ ᠨᠢᠭᠡᠳᠥᠭᠡᠷ ᠤᠳᠠᠭ᠎ᠠ ᠳᠤ ᠦᠬᠡᠷ ᠤᠨ ᠡᠪᠡᠷ ᠢᠶᠠᠷ 85 ᠥᠰᠥᠭ ᠤᠨ | ᠲᠥᠷᠰᠤ ᠶᠢ ᠰᠡᠶᠢᠯᠵᠤ᠂ ︽ᠵᠠᠳᠠᠯᠤᠨ ᠰᠢᠨᠵᠢᠯᠡᠬᠦ ᠠᠷᠭ᠎ᠠ ᠪᠠᠷ ᠥᠨᠡᠳᠤ ᠴᠤᠬᠠᠭ ᠢ ᠨᠢ ᠴᠤᠭᠯᠠᠭᠤᠯᠵᠤ ᠬᠡᠪ ᠪᠤᠯᠭᠠᠭᠠᠳ᠂ ᠨᠢᠭᠡᠨ ᠥᠰᠥᠭ ᠤᠨ ᠵᠠᠳᠠᠯᠤᠯ ᠢᠶᠠᠷ | ᠬᠡᠳᠥᠨ ᠥᠰᠥᠭ ᠢ ᠵᠤᠬᠢᠶᠠᠵᠠᠢ︾᠃ ᠭᠡᠪᠡᠴᠤ ᠬᠡᠪᠯᠡᠯ ᠳᠤ ᠬᠡᠷᠡᠭᠯᠡᠬᠦ ᠳᠤ ᠲᠡᠭᠡᠷ᠎ᠡ ᠲᠤᠤᠷ᠎ᠠ᠂ ᠬᠥᠨ ᠭᠦᠢᠬᠡᠨ ᠨᠢ ᠠᠳᠠᠯᠢ ᠦᠬᠡᠢ᠂ ᠪᠥᠳᠥᠭᠦᠨ ᠨᠠᠷᠢᠨ ᠨᠢ | ᠲᠡᠩᠴᠡᠬᠦᠥ ᠪᠢᠰᠢ ᠲᠤᠯᠠ ᠠᠮᠵᠢᠯᠲᠠ ᠤᠯᠵᠤ ᠴᠢᠳᠠᠭᠰᠠᠨ ᠦᠬᠡᠢ᠃ | 1919 ᠤᠨ ᠳᠤ ᠲᠡᠮᠬᠡᠳᠤ ᠲᠢᠶᠠᠨᠵᠢᠨ ᠳᠤ ᠬᠡᠳᠥᠨᠳᠡ ᠤᠴᠢᠵᠤ᠂ ᠶᠠᠫᠤᠨ ᠬᠥᠮᠥᠨ ᠠᠴᠠ ᠬᠤᠯᠪᠤᠭᠳᠠᠯ ᠪᠥᠬᠦᠢ ᠰᠡᠶᠢᠯᠬᠦ ᠮᠡᠷᠭᠡᠵᠢᠯ ᠢ ᠰᠤᠷᠴᠤ᠂ ᠤᠭᠳᠤᠯᠤᠨ | ᠥᠩᠭᠡᠯᠡᠵᠤ᠂ ᠰᠡᠶᠢᠯᠵᠤ ᠱᠥᠷᠭᠦᠭᠰᠡᠭᠡᠷ᠂ ᠮᠤᠩᠭᠤᠯ ᠥᠰᠥᠭ ᠤᠨ ᠠᠩᠬᠠᠨ ᠤ ᠬᠤᠷᠭᠤᠯᠵᠢᠨ ᠪᠠᠷ ᠢ ᠵᠤᠬᠢᠶᠠᠵᠤ ᠭᠠᠷᠠᠭᠠᠳ᠂ ᠭᠠᠤᠯᠢᠨ ᠬᠡᠪ ᠬᠢᠵᠤ᠂ ᠥᠰᠥᠭ | ᠴᠢᠳᠬᠤᠵᠤ ᠭᠠᠷᠭᠠᠵᠠᠢ᠃ ᠡᠨᠡ ᠪᠤᠯ ᠯᠤᠳᠤ ᠶᠡᠭᠡ ᠲᠠᠪᠰᠢᠯᠲᠠ ᠲᠤᠯᠠ ᠲᠡᠷᠡ ᠶᠠᠭᠤ ᠴᠦ ᠬᠡᠰᠡᠨ ᠥᠨᠳᠥᠰᠥᠲᠡᠨ ᠤ ᠪᠠᠨ ᠥᠢᠯᠡᠰ ᠤᠨ ᠲᠥᠯᠥᠭᠡ ᠲᠡᠮᠡᠴᠡᠬᠦ ᠬᠥᠰᠡᠯ | ᠮᠥᠷᠥᠭᠡᠳᠥᠯ ᠤᠨ ᠥᠷ᠎ᠡ ᠳ᠋ᠥᠩ ᠢᠶᠠᠨ ᠤᠯᠵᠤ ᠥᠵᠡᠯ᠎ᠡ᠃ ᠡᠨᠡ ᠥᠶ᠎ᠡ ᠶᠢᠨ ᠮᠤᠩᠭᠤᠯ ᠥᠰᠥᠭ ᠤᠨ ᠬᠤᠷᠭᠤᠯᠵᠢᠨ ᠪᠠᠷ ᠨᠢ᠂ ᠨᠡᠶᠢᠯᠡᠭᠦᠯᠥᠨ ᠵᠤᠬᠢᠶᠠᠬᠤ ᠳᠤ | ᠲᠡᠭᠡᠷ᠎ᠡ ᠲᠤᠤᠷᠠᠬᠢ ᠵᠠᠯᠭᠠᠳᠠᠰᠤ ᠨᠢ ᠮᠥᠨ ᠯᠠ ᠵᠤᠬᠢᠴᠠᠯ ᠮᠠᠭᠤᠳᠠᠢ ᠪᠠᠶᠢᠭᠰᠠᠨ ᠪᠢᠯᠠ᠃ ᠲᠡᠷᠡ ᠴᠤᠴᠠᠯᠲᠠ ᠦᠬᠡᠢ ᠬᠠᠳᠠᠭᠤ ᠵᠤᠷᠢᠭ ᠢᠶᠠᠷ ᠬᠥᠴᠢᠷ ᠪᠡᠷᠬᠡ ᠶᠢ | ᠥᠷᠭᠦᠯᠵᠢᠯᠡᠨ ᠢᠯᠠᠨ ᠲᠠᠪᠠᠵᠤ᠂ ᠵᠤᠭᠰᠤᠯᠲᠠ ᠦᠬᠡᠢ ᠠᠵᠢᠯᠯᠠᠨ᠂ ᠠᠬᠢᠨ ᠲᠠᠬᠢᠨ ᠲᠤᠷᠰᠢᠯᠲᠠ ᠬᠢᠵᠤ᠂ ᠬᠠᠯᠠᠨ ᠥᠬᠡᠷᠡᠴᠢᠯᠡᠭᠰᠡᠨ ᠠᠴᠠ 1922 ᠤᠨ ᠤ ᠡᠪᠥᠯ᠂ | ᠮᠤᠩᠭᠤᠯ ᠥᠰᠥᠭ ᠤᠨ ᠬᠤᠷᠭᠤᠯᠵᠢᠨ ᠪᠠᠷ ᠤᠨ ᠬᠡᠪᠯᠡᠯ ᠤᠨ ᠮᠡᠷᠭᠡᠵᠢᠯ᠂ ᠮᠠᠨ ᠤ ᠤᠯᠤᠰ ᠲᠤ ᠠᠮᠵᠢᠯᠲᠠ ᠪᠠᠨ ᠤᠯᠵᠠᠢ᠃ | 1922 ᠤᠨ ᠳᠤ ᠲᠡᠮᠬᠡᠳᠤ ︽ᠮᠤᠩᠭᠤᠯ ᠥᠰᠥᠭ ᠤᠨ ᠬᠤᠷᠭᠤᠯᠵᠢᠨ ᠪᠠᠷ ᠤᠨ ᠲᠤᠳᠤᠷᠬᠠᠶᠢᠯᠠᠯᠲᠠ︾ ᠭᠡᠳᠡᠭ ᠨᠤᠮ ᠢ ᠪᠢᠴᠢᠵᠤ ᠭᠠᠷᠭᠠᠭᠠᠳ᠂ | ᠲᠠᠩᠰᠠᠯᠠᠭᠤᠯᠬᠤ ᠪᠠᠷ ᠲᠡᠭᠡᠭᠰᠢ ᠡᠷᠬᠦᠳᠡᠯ ᠭᠠᠷᠭᠠᠨ ᠭᠤᠶᠤᠭᠰᠠᠨ ᠪᠢᠯᠠ᠃ ᠲᠡᠶᠢᠨ ᠬᠦ 1923 ᠤᠨ ᠳᠤ ᠢᠷᠬᠡᠨ ᠤᠯᠤᠰ ᠤᠨ ᠵᠠᠰᠠᠭ ᠤᠨ ᠤᠷᠳᠤᠨ ᠤ ᠲᠠᠷᠢᠶᠠᠯᠠᠩ | ᠬᠤᠳᠠᠯᠳᠤᠭᠠᠨ ᠤ ᠵᠤᠷᠭᠠᠨ ᠠᠴᠠ ᠱᠠᠩᠨᠠᠨ ᠬᠥᠬᠢᠭᠦᠯᠥᠭᠡᠳ ᠭᠠᠶᠢᠯᠢ ᠲᠠᠳᠠᠪᠤᠷᠢ ᠬᠤᠷᠢᠶᠠᠬᠤ ᠦᠬᠡᠢ᠂ 30 ᠵᠢᠯ ᠤᠨ ᠲᠤᠰᠬᠠᠢ ᠠᠰᠢᠭ ᠥᠨᠡᠮᠯᠡᠯ ᠤᠯᠭᠤᠵᠠᠢ᠃ | ᠡᠭᠦᠨ ᠤ ᠵᠡᠷᠭᠡᠴᠡᠪᠡᠷ ᠲᠡᠮᠭᠡᠳᠤ ᠶᠢᠨ ᠡᠭᠦᠳᠥᠨ ᠪᠥᠳᠥᠭᠡᠭᠰᠡᠨ ᠮᠠᠨᠵᠤ ᠥᠰᠥᠭ ᠤᠨ ᠬᠤᠷᠭᠤᠯᠵᠢᠨ ᠪᠠᠷ ᠪᠠᠰᠠ ᠮᠤᠩᠭᠤᠯ ᠥᠰᠥᠭ ᠤᠨ ᠬᠤᠷᠭᠤᠯᠵᠢᠨ ᠪᠠᠷ ᠲᠠᠢ | ᠴᠤᠭᠭᠠᠷ ᠨᠡᠶᠢᠭᠡᠮ ᠲᠡᠭᠡᠷ᠎ᠡ ᠲᠠᠷᠬᠠᠭᠰᠠᠨ ᠲᠤᠯᠠ ᠮᠠᠨ ᠤ ᠤᠯᠤᠰ ᠤᠨ ᠮᠠᠨᠵᠤ ᠥᠰᠥᠭ ᠤᠨ ᠬᠤᠷᠭᠤᠯᠵᠢᠨ ᠪᠠᠷ ᠴᠦ ᠡᠭᠦᠨ ᠠᠴᠠ ᠡᠬᠢᠯᠡᠵᠤ ᠪᠤᠢ ᠪᠤᠯᠵᠠᠢ᠃ | 1923 ᠤᠨ ᠤ ᠬᠠᠪᠤᠷ᠂ ᠲᠡᠮᠬᠡᠳᠤ ᠪᠡᠭᠡᠵᠢᠩ ᠳᠤ ᠮᠤᠩᠭᠤᠯ ᠥᠨᠳᠥᠰᠥᠲᠡᠨ ᠤ ᠲᠡᠥᠬᠡᠨ ᠲᠡᠭᠡᠷ᠎ᠡ ᠬᠠᠮᠤᠭ ᠤᠨ ᠠᠩᠬᠠᠨ ᠤ ᠬᠡᠪᠯᠡᠯ ᠤᠨ ᠬᠤᠷᠢᠶ᠎ᠠ ᠪᠤᠯᠬᠤ | ᠮᠤᠩᠭᠤᠯ ᠪᠢᠴᠢᠭ ᠤᠨ ᠬᠤᠷᠢᠶ᠎ᠠ ᠶᠢ ᠪᠠᠶᠢᠭᠤᠯᠵᠤ᠂ ᠲᠤᠬᠠᠢ ᠶᠢᠨ ᠥᠶ᠎ᠡ ᠳᠤ ᠪᠡᠭᠡᠵᠢᠩ ᠳᠤ ᠪᠠᠶᠢᠭᠰᠠᠨ ᠮᠤᠩᠭᠤᠯ ᠥᠨᠳᠥᠰᠥᠲᠡᠨ ᠤ ᠰᠡᠭᠡᠭᠡᠳᠡᠨ ᠨᠠᠷ ᠢ | ᠴᠤᠭᠯᠠᠭᠤᠯᠤᠨ᠂ ᠥᠨᠳᠥᠰᠥᠲᠡᠨ ᠤ ᠪᠠᠨ ᠲᠡᠥᠬᠡ ᠱᠠᠰᠳᠢᠷ᠂ ᠰᠢᠯᠥᠭ ᠲᠠᠭᠤᠯᠠᠯ᠂ ᠥᠭᠦᠯᠡᠯᠭᠡ ᠷᠤᠮᠠᠨ ᠵᠡᠷᠭᠡ ᠶᠢ ᠥᠷᠬᠡᠨ ᠢᠶᠠᠷ ᠬᠡᠪᠯᠡᠨ ᠲᠠᠷᠬᠠᠭᠠᠵᠤ ᠡᠬᠢᠯᠡᠭᠰᠡᠨ | ᠪᠠᠶᠢᠨ᠎ᠠ᠃ ᠡᠭᠦᠨ ᠤ ᠲᠤᠳᠤᠷᠠᠬᠢ ᠲᠥᠯᠥᠭᠡᠯᠡᠬᠦ ᠴᠢᠨᠠᠷ ᠲᠠᠢ ᠵᠤᠬᠢᠶᠠᠯ ᠤᠳ ᠬᠡᠪᠡᠯ᠂ ︽ᠪᠠᠷᠠᠭᠤᠨ ᠬᠠᠨ ᠤᠯᠤᠰ ᠤᠨ ᠪᠢᠴᠢᠭ︾᠂ ︽ᠬᠥᠬᠡ ᠰᠤᠳᠤᠷ︾᠂ ︽ | ᠶᠤᠸᠠᠨ ᠤᠯᠤᠰ ᠤᠨ ᠬᠠᠭᠠᠨ ᠪᠠ ᠬᠤᠸᠠᠩᠬᠡᠤ ᠶᠢᠨ ᠬᠥᠷᠥᠭ︾᠂ ︽ᠴᠢᠩᠬᠢᠰ ᠪᠤᠭᠳᠠ ᠶᠢᠨ ᠲᠤᠷᠠᠰᠬᠠᠯ ᠤᠨ ᠲᠡᠭᠦᠪᠥᠷᠢ︾᠂ ︽ᠶᠤᠸᠠᠨ ᠤᠯᠤᠰ ᠤᠨ ᠲᠡᠥᠬᠡ︾᠂ | ︽ᠮᠤᠩᠭᠤᠯ ᠬᠢᠳᠠᠳ ᠬᠠᠪᠰᠤᠷᠭᠠᠭᠰᠠᠨ ᠲᠥᠷᠪᠡᠨ ᠪᠢᠴᠢᠭ︾᠂ ︽ᠮᠤᠩᠭᠤᠯ ᠤᠳᠬ᠎ᠠ ᠶᠢᠨ ᠵᠥᠢᠯ ᠬᠤᠪᠢᠶᠠᠭᠰᠠᠨ ᠲᠤᠯᠢ ᠪᠢᠴᠢᠭ︾᠂ ︽ᠮᠤᠩᠭᠤᠯ ᠶᠠᠫᠤᠨ ᠢᠶᠠᠷ | ᠬᠠᠷᠢᠯᠴᠠᠨ ᠬᠡᠯᠡᠯᠴᠡᠬᠦ ᠥᠬᠡᠰ︾ ᠵᠡᠷᠭᠡ ᠪᠤᠯᠤᠨ᠎ᠠ᠃ | ᠲᠡᠮᠬᠡᠳᠤ ᠮᠤᠩᠭᠤᠯ ᠥᠰᠥᠭ ᠤᠨ ᠬᠤᠷᠭᠤᠯᠵᠢᠨ ᠪᠠᠷ ᠢ ᠡᠭᠦᠳᠥᠨ ᠪᠥᠳᠥᠭᠡᠭᠰᠡᠨ ᠤ ᠰᠡᠭᠦᠯᠡᠷ᠂ ᠪᠠᠷᠠᠭᠤᠨ ᠡᠸᠥ᠋ᠷᠥᠫᠡ ᠶᠢᠨ ᠴᠥᠬᠡᠨ ᠪᠤᠰᠤ ᠬᠥᠮᠥᠰ ᠮᠤᠩᠭᠤᠯ | ᠪᠢᠴᠢᠭ ᠤᠨ ᠬᠤᠷᠢᠶᠠᠨ ᠳᠤ ᠢᠷᠡᠵᠤ ᠰᠤᠷᠤᠯᠴᠠᠪᠠ᠃ ᠲᠡᠮᠬᠡᠳᠤ ᠶᠢᠨ ᠬᠠᠷᠠᠮ ᠦᠬᠡᠢ ᠲᠡᠮᠵᠢᠯᠭᠡ ᠠᠴᠠ ᠪᠤᠯᠵᠤ᠂ ᠲᠤᠮᠳᠠᠳᠤ ᠤᠯᠤᠰ ᠤᠨ ᠮᠤᠩᠭᠤᠯ ᠥᠰᠥᠭ ᠤᠨ | ᠬᠤᠷᠭᠤᠯᠵᠢᠨ ᠪᠠᠷ ᠤᠨ ᠮᠡᠷᠭᠡᠵᠢᠯ ᠪᠠᠷᠠᠭᠤᠨ ᠡᠸᠥ᠋ᠷᠥᠫᠡ ᠳᠤ ᠤᠯᠠᠮᠵᠢᠯᠠᠭᠳᠠᠨ ᠬᠥᠷᠥᠭᠰᠡᠨ ᠪᠢᠯᠠ᠃ | 1924 ᠤᠨ ᠳᠤ ᠪᠥᠬᠦᠲᠠ ᠨᠠᠶᠢᠷᠠᠮᠳᠠᠬᠤ ᠮᠤᠩᠭᠤᠯ ᠠᠷᠠᠳ ᠤᠯᠤᠰ ᠠᠴᠠ ᠪᠠᠰᠠ ᠬᠥᠮᠥᠨ ᠲᠤᠮᠢᠯᠠᠨ ᠢᠷᠡᠭᠦᠯᠵᠤ᠂ ᠮᠤᠩᠭᠤᠯ ᠪᠢᠴᠢᠭ ᠤᠨ ᠬᠤᠷᠢᠶᠠᠨ ᠳᠤ | ᠰᠤᠷᠤᠯᠴᠠᠭᠤᠯᠤᠭᠰᠠᠨ ᠢᠶᠠᠷ ᠥᠯᠥ ᠪᠠᠷᠠᠨ᠂ ᠮᠤᠩᠭᠤᠯ ᠪᠢᠴᠢᠭ ᠤᠨ ᠬᠤᠷᠢᠶᠠᠨ ᠤ ᠮᠡᠷᠭᠡᠵᠢᠯ ᠲᠠᠢ ᠠᠵᠢᠯᠴᠢᠨ ᠸᠠᠩ ᠵᠧᠨ ᠳ᠋ᠥᠸᠧ ᠶᠢ ᠤᠷᠢᠵᠤ ᠠᠪᠴᠢᠷᠠᠭᠠᠳ᠂ | ᠮᠤᠩᠭᠤᠯ ᠪᠢᠴᠢᠭ ᠬᠡᠪᠯᠡᠬᠦ ᠥᠢᠯᠡᠳᠪᠤᠷᠢ ᠶᠢ ᠡᠷᠬᠢᠯᠡᠵᠤ ᠡᠬᠢᠯᠡᠭᠰᠡᠨ ᠪᠠᠶᠢᠨ᠎ᠠ᠃ ᠲᠡᠮᠬᠡᠳᠤ ᠮᠤᠩᠭᠤᠯ ᠥᠰᠥᠭ ᠤᠨ ᠬᠤᠷᠭᠤᠯᠵᠢᠨ ᠪᠠᠷ ᠢ ᠡᠭᠦᠳᠥᠨ ᠪᠥᠳᠥᠭᠡᠭᠰᠡᠨ ᠤ | ᠲᠠᠷᠠᠭ᠎ᠠ᠂ ᠮᠠᠷᠰᠠ ︵ᠬᠢᠳᠠᠳ ᠨᠡᠷ᠎ᠡ ᠨᠢ ᠬᠥᠸᠧ ᠳ᠋ᠤᠤ ᠹᠥ᠋ ᠭᠡᠳᠡᠭ ᠶᠤᠮ︶ ᠮᠠᠨ ᠤ ᠤᠯᠤᠰ ᠤᠨ ᠵᠡᠭᠦᠨ ᠬᠤᠶᠢᠳᠤ ᠤᠷᠤᠨ ᠤ ᠮᠥᠭᠳᠡᠨ ᠬᠤᠲᠠᠨ ᠳᠤ ᠵᠡᠭᠦᠨ | ᠮᠤᠩᠭᠤᠯ ᠤᠨ ᠪᠢᠴᠢᠭ ᠤᠨ ᠬᠤᠷᠢᠶ᠎ᠠ ᠶᠢ ᠪᠠᠶᠢᠭᠤᠯᠬᠤ ᠪᠠᠷ ᠬᠤᠶᠠᠷ ᠬᠥᠮᠥᠨ ᠢ ᠪᠡᠭᠡᠵᠢᠩ ᠳᠤ ᠲᠤᠮᠢᠯᠠᠵᠤ ᠰᠤᠷᠤᠯᠴᠠᠭᠤᠯᠪᠠ᠃ ᠲᠡᠭᠡᠭᠡᠳ ᠮᠤᠩᠭᠤᠯ ᠪᠢᠴᠢᠭ ᠤᠨ | ᠬᠤᠷᠢᠶ᠎ᠠ ᠶᠢᠨ ᠮᠤᠩᠭᠤᠯ ᠥᠰᠥᠭ ᠤᠨ ᠬᠤᠷᠭᠤᠯᠵᠢᠨ ᠪᠠᠷ ᠢ ᠠᠰᠢᠭᠯᠠᠵᠤ᠂ 1924 ᠤᠨ ᠳᠤ ᠵᠡᠭᠦᠨ ᠮᠤᠩᠭᠤᠯ ᠤᠨ ᠪᠢᠴᠢᠭ ᠤᠨ ᠬᠤᠷᠢᠶ᠎ᠠ ᠶᠢᠨ ᠮᠤᠩᠭᠤᠯ | ᠥᠰᠥᠭ ᠤᠨ ᠬᠤᠷᠭᠤᠯᠵᠢᠨ ᠪᠠᠷ ᠢ ᠠᠰᠢᠭᠯᠠᠵᠤ᠂ 1924 ᠤᠨ ᠳᠤ ᠵᠡᠭᠦᠨ ᠮᠤᠩᠭᠤᠯ ᠤᠨ ᠪᠢᠴᠢᠭ ᠤᠨ ᠬᠤᠷᠢᠶ᠎ᠠ ᠶᠢ ᠵᠢᠩᠬᠢᠨᠢ ᠪᠠᠷ ᠪᠠᠶᠢᠭᠤᠯᠵᠠᠢ᠃ ᠲᠤᠰ | ᠬᠤᠷᠢᠶ᠎ᠠ ᠶᠢ ᠬᠡᠰᠢᠩᠭᠡ᠂ ᠷᠤᠯᠭᠠᠵᠠᠪ ᠵᠡᠷᠭᠡ ᠬᠥᠮᠥᠰ ᠭᠤᠤᠯᠴᠢᠯᠠᠨ ᠬᠠᠷᠢᠭᠤᠴᠠᠵᠤ᠂ ᠲᠤᠩ ᠤᠯᠠᠨ ᠨᠤᠮ ᠪᠢᠴᠢᠭ ᠢ ᠬᠡᠪᠯᠡᠭᠡᠳ᠂ ᠥᠷᠭᠡᠨ ᠤᠯᠠᠨ ᠤ ᠰᠤᠶᠤᠯ | ᠰᠤᠷᠬᠤ ᠳᠤ ᠶᠡᠬᠡᠬᠡᠨ ᠥᠢᠯᠡᠳᠥᠯ ᠥᠵᠡᠭᠦᠯᠥᠭᠰᠡᠨ ᠪᠠᠶᠢᠪᠠ᠃ | 1925 ᠤᠨ ᠳᠤ᠂ ᠱᠠᠩᠬᠠᠢ ᠬᠤᠲᠠ ᠶᠢᠨ ᠱᠠᠩ ᠡᠤ ᠨᠤᠮ ᠬᠡᠪᠯᠡᠬᠦ ᠭᠠᠵᠠᠷ ᠠᠴᠠ ᠪᠡᠭᠡᠵᠢᠩ ᠳᠠᠬᠢ ᠮᠤᠩᠭᠤᠯ ᠪᠢᠴᠢᠭ ᠤᠨ ᠬᠤᠷᠢᠶᠠᠨ ᠤ ᠮᠡᠷᠭᠡᠵᠢᠯᠲᠠᠨ ᠱᠢ | ᠰᠢᠶᠠᠩ ᠲᠢᠩ ᠢ ᠤᠷᠢᠨ ᠠᠪᠴᠢᠷᠠᠵᠤ᠂ ᠲᠤᠰ ᠨᠤᠮ ᠬᠡᠪᠯᠡᠬᠦ ᠭᠠᠵᠠᠷ ᠲᠠᠭᠠᠨ ᠮᠤᠩᠭᠤᠯ ᠪᠢᠴᠢᠭ ᠢ ᠬᠡᠪᠯᠡᠵᠤ ᠡᠬᠢᠯᠡᠭᠰᠡᠨ ᠶᠤᠮ᠃ | 1926 ᠤᠨ ᠳᠤ ᠥᠪᠥᠷ ᠮᠤᠩᠭᠤᠯ ᠤᠨ ᠪᠠᠷᠠᠭᠤᠨ ᠬᠡᠰᠡᠭ ᠲᠠᠬᠢ ᠴᠠᠬᠠᠷ ᠠᠶᠢᠮᠠᠭ ᠤᠨ ᠱᠠᠩᠳᠤ ᠳᠤ ᠮᠤᠩᠭᠤᠯ ᠨᠤᠮ ᠪᠢᠴᠢᠭ ᠬᠡᠪᠯᠡᠬᠦ ᠥᠢᠯᠡᠳᠪᠤᠷᠢ ᠶᠢ | ᠪᠠᠶᠢᠭᠤᠯᠬᠤ ᠳᠤ᠂ ᠮᠥᠨ ᠴᠦ ᠤᠷᠢᠳᠠᠪᠠᠷ ᠪᠡᠭᠡᠵᠢᠩ ᠳᠠᠬᠢ ᠮᠤᠩᠭᠤᠯ ᠪᠢᠴᠢᠭ ᠤᠨ ᠬᠤᠷᠢᠶᠠᠨ ᠳᠤ ᠲᠤᠰᠬᠠᠢ ᠬᠥᠮᠥᠨ ᠲᠤᠮᠢᠯᠠᠵᠤ ᠬᠡᠪᠯᠡᠬᠦ ᠮᠡᠷᠭᠡᠵᠢᠯ ᠢ ᠰᠢᠰᠲ᠋ᠧᠮ | ᠲᠠᠢ ᠰᠤᠷᠤᠯᠴᠠᠭᠤᠯᠤᠭᠰᠠᠨ ᠰᠠᠭᠤᠷᠢᠨ ᠲᠡᠭᠡᠷ᠎ᠡ ᠰᠠᠶ᠋ᠢ ᠪᠠᠶᠢᠭᠤᠯᠤᠭᠰᠠᠨ ᠶᠤᠮ᠃ | 1930 ᠤᠨ ᠳᠤ ᠲᠡᠮᠬᠡᠳᠤ ᠠᠵᠢᠯ ᠰᠢᠯᠵᠢᠵᠤ ᠨᠠᠨᠵᠢᠩ ᠤᠨ ᠵᠠᠰᠠᠭ ᠤᠨ ᠤᠷᠳᠤᠨ ᠤ ᠰᠤᠷᠭᠠᠨ ᠬᠥᠮᠥᠵᠢᠯ ᠤᠨ ᠬᠡᠯᠳᠡᠰ ᠲᠤ ᠠᠵᠢᠯᠯᠠᠬᠤ ᠪᠤᠯᠪᠠ᠃ ᠲᠡᠷᠡ | ᠮᠤᠩᠭᠤᠯ ᠲᠥᠪᠡᠳ ᠤᠨ ᠰᠤᠷᠭᠠᠨ ᠬᠥᠮᠥᠵᠢᠯ ᠤᠨ ᠲᠤᠪᠴᠢᠶᠠᠨ ᠤ ᠪᠠᠶᠢᠩᠭᠤ ᠶᠢᠨ ᠨᠠᠶᠢᠷᠠᠭᠤᠯᠤᠨ ᠬᠢᠨᠠᠭᠴᠢ ᠪᠥᠭᠡᠳ ᠰᠠᠯᠠᠭᠠᠨ ᠲᠠᠷᠤᠭ᠎ᠠ ᠶᠢᠨ ᠲᠤᠰᠢᠶᠠᠯ ᠢ | ᠡᠭᠦᠷᠭᠡᠯᠡᠵᠤ ᠪᠠᠶᠢᠪᠠ᠃ ᠡᠨᠡ ᠥᠶ᠎ᠡ ᠳᠤ ᠲᠡᠮᠬᠡᠳᠤ ᠪᠠᠰᠠ ᠮᠠᠨ ᠤ ᠤᠯᠤᠰ ᠤᠨ ᠬᠠᠮᠤᠭ ᠤᠨ ᠶᠡᠭᠡ ᠰᠤᠷᠭᠠᠨ ᠬᠥᠮᠥᠵᠢᠯ ᠤᠨ ᠤᠨ ᠲᠠᠷᠠᠭᠠᠯᠠᠭᠰᠠᠨ ᠲᠤᠯᠢ — ︽ | ᠠᠩᠬᠠᠳᠤᠭᠠᠷ ᠤᠳᠠᠭ᠎ᠠ ᠶᠢᠨ ᠲᠤᠮᠳᠠᠳᠤ ᠤᠯᠤᠰ ᠤᠨ ᠰᠤᠷᠭᠠᠨ ᠬᠥᠮᠥᠵᠢᠯ ᠤᠨ ᠤᠨ ᠲᠠᠷᠠᠭᠠᠯᠠᠭᠰᠠᠨ ᠲᠤᠯᠢ︾ ᠶᠢ ᠨᠠᠶᠢᠷᠠᠭᠤᠯᠵᠤ ᠬᠢᠨᠠᠬᠤ ᠵᠥᠪᠯᠡᠯ ᠤᠨ ᠬᠡᠰᠢᠭᠦᠨ | ᠢᠶᠠᠷ ᠰᠤᠩᠭᠤᠭᠳᠠᠵᠤ᠂ ᠬᠤᠯᠪᠤᠭᠳᠠᠯ ᠪᠥᠬᠦᠢ ᠮᠤᠩᠭᠤᠯ ᠲᠥᠪᠡᠳ ᠤᠨ ᠰᠤᠷᠭᠠᠨ ᠬᠥᠮᠥᠵᠢᠯ ᠤᠨ ᠲᠤᠬᠠᠢ ᠬᠡᠰᠡᠭ ᠢ ᠨᠢ ᠲᠤᠭᠤᠷᠪᠢᠨ ᠪᠢᠴᠢᠭᠰᠡᠨ ᠪᠠᠶᠢᠪᠠ᠃ | 1930 ᠤᠨ ᠤ ᠨᠠᠮᠤᠷ᠂ ᠨᠠᠨᠵᠢᠩ ᠤᠨ ᠵᠠᠰᠠᠭ ᠤᠨ ᠭᠠᠵᠠᠷ ᠤᠨ ᠰᠤᠷᠭᠠᠨ ᠬᠥᠮᠥᠵᠢᠯ ᠤᠨ ᠬᠡᠯᠳᠡᠰ᠂ ᠮᠤᠩᠭᠤᠯ ᠲᠥᠪᠡᠳ ᠤᠨ ᠵᠥᠪᠯᠡᠯ᠂ ᠨᠡᠶᠢᠰᠯᠡᠯ | ᠪᠡᠭᠡᠵᠢᠩ ᠳᠠᠬᠢ ᠬᠤᠰᠢᠭᠤ ᠨᠤᠭᠤᠳ ᠤᠨ ᠬᠤᠯᠪᠤᠭᠠᠳᠤ ᠬᠡᠷᠡᠭ ᠡᠷᠬᠢᠯᠡᠬᠦ ᠭᠠᠵᠠᠷ ᠲᠤ ᠴᠥᠮ ᠮᠤᠩᠭᠤᠯ ᠲᠥᠪᠡᠳ ᠬᠤᠷᠭᠤᠯᠵᠢᠨ ᠪᠠᠷ ᠢᠶᠠᠨ ᠨᠤᠮ ᠪᠢᠴᠢᠭ ᠬᠡᠪᠯᠡᠬᠦ | ᠶᠢ ᠲᠤᠯᠭᠠᠮ᠎ᠠ ᠱᠠᠭᠠᠷᠳᠠᠵᠤ ᠪᠠᠶᠢᠭᠰᠠᠨ ᠲᠤᠯᠠ ᠮᠤᠩᠭᠤᠯ ᠪᠢᠴᠢᠭ ᠤᠨ ᠬᠤᠷᠢᠶ᠎ᠠ ᠶᠢ ᠪᠡᠭᠡᠵᠢᠩ ᠠᠴᠠ ᠨᠠᠨᠵᠢᠩ ᠳᠤ ᠰᠢᠯᠵᠢᠭᠦᠯᠥᠨ ᠠᠪᠠᠴᠢᠪᠠ᠃ ᠮᠤᠩᠭᠤᠯ ᠪᠢᠴᠢᠭ | ᠤᠨ ᠬᠤᠷᠢᠶ᠎ᠠ ᠨᠠᠨᠵᠢᠩ ᠳᠤ ᠰᠢᠨᠵᠢᠭᠰᠡᠨ ᠤ ᠲᠥᠷᠥᠭᠦᠥ 2 ᠵᠢᠯ ᠳᠤ ᠤᠷᠤᠯᠭ᠎ᠠ ᠨᠢ ᠨᠡᠯᠢᠶᠡᠳ ᠵᠥᠬᠡᠷ ᠪᠠᠶᠢᠭᠰᠠᠨ ᠲᠤᠯᠠ ᠲᠡᠮᠬᠡᠳᠤ ᠤᠷᠴᠢᠨ ᠥᠶ᠎ᠡ ᠶᠢᠨ ᠨᠡᠯᠢᠶᠡᠳ | ᠬᠡᠳᠥᠨ ᠰᠢᠨ᠎ᠡ ᠬᠡᠪᠯᠡᠬᠦ ᠮᠠᠰᠢᠨ ᠲᠥᠭᠦᠭᠡᠷᠥᠮᠵᠢ ᠶᠢ ᠬᠤᠳᠠᠯᠳᠤᠨ ᠠᠪᠴᠤ ᠬᠡᠪᠯᠡᠬᠦ ᠥᠢᠯᠡᠳᠪᠤᠷᠢ ᠪᠠᠨ ᠡᠷᠬᠢᠯᠡᠵᠤ ᠪᠠᠶᠢᠵᠠᠢ᠃ | 1935 ᠤᠨ ᠳᠤ ᠲᠡᠮᠬᠡᠳᠤ ᠬᠠᠭᠤᠷᠮᠠᠭ ᠮᠠᠨᠵᠤ ᠤᠯᠤᠰ ᠲᠤ ᠤᠷᠢᠭᠳᠠᠵᠤ ᠤᠷᠢᠳᠠᠪᠠᠷ ᠴᠢᠶᠠᠨ ᠵᠢᠶᠠ ᠳ᠋ᠢᠶᠠᠨ ︵ᠤᠳᠤᠬᠢ ᠲᠥᠩᠯᠢᠶᠤᠤ ᠬᠤᠲᠠ ᠶᠢᠨ | ᠲᠡᠭᠦᠷᠭᠡ ᠳᠤ ᠪᠤᠢ︶ ᠳᠤ᠂ ᠰᠡᠭᠦᠯᠡᠷ ᠨᠢ ᠸᠠᠩ ᠤᠨ ᠰᠥᠮ᠎ᠡ ︵ᠤᠳᠤᠬᠢ ᠤᠯᠠᠭᠠᠨᠬᠤᠲᠠ︶ ᠳᠤ ᠤᠴᠢᠵᠤ ᠬᠢᠩᠭᠠᠨ ᠴᠡᠷᠢᠭ ᠤᠨ ᠨᠤᠶᠠᠨ ᠤ ᠰᠤᠷᠭᠠᠭᠤᠯᠢ ᠳᠤ | ᠮᠤᠩᠭᠤᠯ ᠪᠢᠴᠢᠭ ᠵᠢᠭᠠᠵᠤ ᠪᠠᠶᠢᠯ᠎ᠠ᠃ ᠲᠡᠮᠬᠡᠳᠤ ᠸᠠᠩ ᠤᠨ ᠰᠥᠮ᠎ᠡ ᠳᠤ ᠠᠵᠢᠯ ᠰᠢᠯᠵᠢᠭᠰᠡᠨ ᠠᠴᠠ ᠨᠠᠨᠵᠢᠩ ᠤᠨ ᠮᠤᠩᠭᠤᠯ ᠪᠢᠴᠢᠭ ᠤᠨ ᠬᠤᠷᠢᠶ᠎ᠠ ᠡᠭᠦᠳᠡ ᠪᠠᠨ | ᠬᠠᠭᠠᠪᠠ᠃ ᠭᠡᠪᠡᠴᠤ ᠲᠡᠮᠭᠡᠳᠤ ᠬᠢᠩᠭᠠᠨ ᠤ ᠴᠡᠷᠢᠭ ᠤᠨ ᠨᠤᠶᠠᠨ ᠤ ᠰᠤᠷᠭᠠᠭᠤᠯᠢ ᠳᠤ ᠠᠵᠢᠯᠯᠠᠵᠤ ᠪᠠᠶᠢᠭᠰᠠᠨ ᠬᠤᠭᠤᠴᠠᠭᠠᠨ ᠳᠠᠭᠠᠨ ᠠᠩᠭ᠍ᠯᠢ ᠥᠰᠥᠭ ᠤᠨ ᠮᠠᠰᠢᠨ ᠢ | ᠥᠬᠡᠷᠡᠴᠢᠯᠡᠵᠤ ᠮᠤᠩᠭᠤᠯ ᠥᠰᠥᠭ ᠤᠨ ᠮᠠᠰᠢᠨ ᠪᠤᠯᠭᠠᠭᠠᠳ᠂ ᠰᠤᠷᠭᠠᠭᠤᠯᠢ ᠶᠢᠨ ᠵᠢᠭᠠᠬᠤ ᠮᠠᠲ᠋ᠧᠷᠢᠶᠠᠯ ᠢᠶᠠᠨ ᠲᠠᠷᠤᠮᠯᠠᠬᠤ ᠳᠤ ᠬᠡᠷᠡᠭᠯᠡᠵᠤ ᠪᠠᠶᠢᠪᠠ᠃ | 1937 ᠤᠨ ᠳᠤ ᠲᠡᠮᠬᠡᠳᠤ ᠶᠢᠨ ᠮᠤᠩᠭᠤᠯ ᠬᠡᠪᠯᠡᠬᠦ ᠥᠢᠯᠡᠳᠪᠤᠷᠢ ᠶᠢᠨ ᠮᠠᠰᠢᠨ ᠲᠥᠭᠦᠭᠡᠷᠥᠮᠵᠢ ᠶᠢ ᠬᠥᠬᠡᠬᠤᠲᠠ ᠳᠤ ᠵᠥᠭᠡᠭᠡᠪᠥᠷᠢᠯᠡᠨ ᠠᠪᠴᠢᠷᠠᠵᠤ ︽ | ᠮᠤᠩᠭᠤᠯ ᠭᠠᠷᠠᠭ ᠤᠨ ᠰᠤᠨᠢᠨ︾ ᠢ ᠲᠠᠷᠤᠮᠯᠠᠵᠤ ᠪᠠᠶᠢᠯ᠎ᠠ᠃ 1939 ᠤᠨ ᠳᠤ ᠡᠳᠡᠭᠡᠷ ᠮᠠᠰᠢᠨ ᠲᠥᠭᠦᠭᠡᠷᠥᠮᠵᠢ ᠶᠢ ᠴᠢᠭᠤᠯᠤᠯᠳᠤ ᠬᠠᠭᠠᠯᠭ᠎ᠠ ᠳᠠᠬᠢ ︽ᠮᠤᠩᠭᠤᠯ | ᠬᠢᠵᠠᠭᠠᠷ ᠤᠨ ᠰᠤᠨᠢᠨ ᠤ ᠬᠤᠷᠢᠶᠠᠨ︾ ᠳᠤ ᠵᠥᠭᠡᠭᠡᠪᠥᠷᠢᠯᠡᠨ ᠠᠪᠠᠴᠢᠵᠤ᠂ ︽ᠮᠤᠩᠭᠤᠯ ᠭᠠᠷᠠᠭ ᠤᠨ ᠰᠤᠨᠢᠨ︾ ᠢ ᠥᠷᠭᠦᠯᠵᠢᠯᠡᠨ ᠬᠡᠪᠯᠡᠵᠤ ᠪᠠᠶᠢᠪᠠ᠃ ᠲᠡᠮᠬᠡᠳᠤ ᠶᠢᠨ | ᠴᠤᠭᠯᠠᠭᠤᠯᠤᠭᠰᠠᠨ ᠡᠳᠡᠭᠡᠷ ᠬᠡᠪᠯᠡᠬᠦ ᠥᠢᠯᠡᠳᠪᠤᠷᠢ ᠶᠢᠨ ᠪᠥᠷᠢᠨ ᠲᠡᠭᠦᠯᠳᠡᠷ ᠮᠠᠰᠢᠨ ᠲᠥᠭᠦᠭᠡᠷᠥᠮᠵᠢ ᠨᠢ ᠴᠢᠯᠥᠭᠡᠯᠡᠭᠳᠡᠭᠰᠡᠨ ᠤ ᠲᠠᠷᠠᠭ᠎ᠠ ᠴᠦ ᠥᠪᠥᠷ ᠮᠤᠩᠭᠤᠯ ᠤᠨ | ᠠᠷᠠᠳ ᠲᠥᠮᠡᠨ ᠳᠤ ᠥᠷᠭᠦᠯᠵᠢᠯᠡᠨ ᠥᠢᠯᠡᠴᠢᠯᠡᠭᠰᠡᠭᠡᠷ ᠢᠷᠡᠭᠰᠡᠨ ᠶᠤᠮ᠃ | 1939 ᠤᠨ ᠤ 5 ᠰᠠᠷ᠎ᠠ ᠶᠢᠨ 2 ᠤ ᠡᠳᠥᠷ᠂ ᠲᠡᠮᠬᠡᠳᠤ 52 ᠨᠠᠰᠤᠲᠠᠢ ᠳᠠᠭᠠᠨ ᠸᠠᠩ ᠤᠨ ᠰᠥᠮ᠎ᠡ ᠳᠤ ᠡᠪᠡᠳᠴᠢᠨ ᠢᠶᠠᠷ ᠨᠠᠰᠤ ᠨᠥᠭᠴᠢᠵᠠᠢ᠃ | ᠮᠤᠩᠭᠤᠯ ᠥᠨᠳᠥᠰᠥᠲᠡᠨ ᠤ ᠰᠢᠯᠭᠠᠷᠠᠭᠰᠠᠨ ᠬᠡᠪᠯᠡᠭᠴᠢ᠂ ᠠᠯᠳᠠᠷᠳᠤ ᠤᠷᠴᠢᠭᠤᠯᠤᠭᠴᠢ᠂ ᠮᠤᠩᠭᠤᠯ ᠥᠰᠥᠭ ᠤᠨ ᠬᠤᠷᠭᠤᠯᠵᠢᠨ ᠪᠠᠷ ᠢ ᠡᠭᠦᠳᠥᠨ ᠪᠥᠳᠥᠭᠡᠭᠴᠢ | ᠲᠡᠮᠬᠡᠳᠤ ᠶᠢᠨ ᠠᠯᠳᠠᠷ ᠨᠡᠷ᠎ᠡ ᠮᠤᠩᠭᠤᠯ ᠥᠰᠥᠭ ᠪᠢᠴᠢᠭ ᠤᠨ ᠬᠠᠮᠳᠤ ᠬᠥᠮᠥᠨ ᠲᠥᠷᠥᠯᠬᠢᠲᠠᠨ ᠤ ᠲᠡᠥᠬᠡᠨ ᠳᠤ ᠮᠥᠩᠭᠡᠳᠡ ᠤᠷᠤᠰᠢᠬᠤ ᠨᠢ ᠵᠠᠶᠢᠯᠠᠰᠢ ᠦᠬᠡᠢ | ᠶᠤᠮᠰᠠᠨ᠃ |