ᠡᠭᠦᠯᠡᠨ ᠬᠡ ᠲᠠᠢ ᠠᠭᠠᠷ ᠤᠨ ᠬᠤᠷ᠎ᠠ ᠤᠰᠤᠨ | ᠤᠳᠤᠮ ᠤᠨ ᠬᠡ ᠲᠠᠢ ᠠᠯᠤᠰ ᠤᠨ ᠠᠷᠢᠭ ᠤᠰᠤᠨ | ᠤᠴᠠᠷᠠᠯ ᠤᠨ ᠬᠡ ᠲᠠᠢ ᠠᠮᠠᠷᠠᠭ ᠤᠨ ᠮᠡᠯᠮᠡᠢ ᠤᠰᠤᠨ | ᠤᠶᠠᠩᠭ᠎ᠠ ᠶᠢᠨ ᠬᠡ ᠲᠠᠢ ᠠᠮᠢᠵᠢᠷᠠᠯ ᠤᠨ ᠰᠢᠳᠢᠲᠦ ᠤᠰᠤᠨ | ᠤᠰᠤᠨ ᠠᠴᠠ ᠤᠭᠤᠷᠠᠭ ᠰᠢᠮ᠎ᠡ ᠭᠦᠷᠳᠡᠭᠦ ᠨᠢ ᠢᠪᠡᠭᠡᠯ | ᠤᠰᠤᠨ ᠠᠴᠠ ᠤᠷ᠎ᠠ ᠤᠬᠠᠭᠠᠨ ᠰᠤᠪᠢᠬᠤ ᠨᠢ ᠰᠡᠴᠡᠷᠬᠡᠯ | ᠤᠰᠤᠨ ᠠᠴᠠ ᠬᠦᠴᠦ ᠲᠠᠮᠢᠷ ᠴᠢᠩᠭᠠᠯᠠᠬᠤ ᠨᠢ ᠰᠢᠮᠡᠵᠢᠯ | ᠤᠰᠤᠨ ᠠᠴᠠ ᠬᠥᠭᠵᠢᠮ ᠨᠠᠶᠢᠷᠠᠯ ᠡᠭᠡᠰᠢᠭᠯᠡᠬᠦ ᠨᠢ ᠪᠡᠯᠭᠡᠳᠡᠯ | ᠡᠬᠡ ᠭᠠᠵᠠᠷ ᠤᠨ ᠵᠢᠷᠦᠬᠡᠨ ᠰᠤᠳᠠᠰᠤ ᠠᠮᠢᠨ ᠤᠰᠤᠨ | ᠡᠷᠬᠡᠰ ᠴᠡᠴᠡᠭᠡᠰ ᠤᠨ ᠠᠷᠢᠭᠤᠨ ᠤᠮᠳᠠ ᠷᠠᠰᠢᠶᠠᠨ ᠤᠰᠤᠨ | ᠡᠪ ᠬᠠᠶᠢᠷ᠎ᠠ ᠶᠢᠨ ᠠᠶᠠᠰ ᠴᠢᠪᠬᠠᠳᠠᠭᠰᠠᠨ ᠬᠡᠷᠡᠯᠳᠦ ᠤᠰᠤᠨ | ᠡᠴᠢᠨ᠎ᠡ ᠲᠠᠯᠳᠠ ᠶᠢᠨ ᠰᠤᠪᠢᠩ ᠠᠨᠢᠷᠯᠠᠭᠰᠠᠨ ᠭᠡᠭᠡᠨ ᠤᠰᠤᠨ | ᠤᠰᠤᠨ ᠠᠴᠠ ᠨᠠᠷᠠᠨ ᠤ ᠰᠢᠵᠢᠷ ᠰᠠᠴᠤᠷᠠᠭ ᠢ ᠲᠣᠭᠠᠯᠠᠨᠠᠮ | ᠤᠰᠤᠨ ᠠᠴᠠ ᠨᠠᠪᠴᠢᠨ ᠤ ᠰᠢᠨᠡᠬᠡᠨ ᠵᠢᠰᠦ ᠶᠢ ᠰᠢᠨᠵᠢᠨᠡᠮ | ᠤᠰᠤᠨ ᠠᠴᠠ ᠣᠷᠣᠰᠢᠬᠤᠢ ᠶᠢᠨ ᠤᠳᠬ᠎ᠠ ᠶᠢ ᠬᠠᠶᠢᠨᠠᠮ | ᠤᠰᠤᠨ ᠠᠴᠠ ᠣᠷᠴᠢᠯᠠᠩ ᠤᠨ ᠰᠠᠨᠠᠭ᠎ᠠ ᠶᠢ ᠮᠡᠳᠡᠷᠡᠨᠡᠮ︕ | |