- ᠡᠭᠡᠵᠡᠭᠡᠢ ᠠᠭᠠᠷᠤᠤᠯ ᠢᠷᠤᠭᠠᠷ ᠲᠤᠨᠢ ᠳᠡᠪᠲᠦᠭᠰᠡᠨ ᠡᠵᠢ ᠶᠢᠨ ᠪᠣᠷᠣ ᠠᠶᠠᠭ᠎ᠠ ᠬᠠᠷᠠᠭᠳᠠᠭᠠᠳ ᠪᠠᠶᠢᠨ᠎ᠠ ᠳ᠋ᠠ | ᠡᠵᠢ ᠵᠠᠯᠠᠭᠤ ᠪᠠᠶᠢᠬᠤ ᠳᠠᠭᠠᠨ ᠳᠠᠩᠳᠠ ᠰᠠᠭᠠᠯᠢ ᠶᠢᠨ ᠦᠨᠦᠷ ᠲᠠᠢ᠂ ᠴᠠᠢ ᠶᠢᠨ ᠠᠮᠲᠠᠲᠠᠢ ᠰᠠᠨᠠᠭᠳᠠᠳᠠᠭ ᠰᠠᠨ᠃ ᠲᠣᠮᠣ ᠪᠣᠯᠣᠭᠠᠳ᠂ ᠠᠶᠢᠯ ᠪᠣᠯᠤᠭᠰᠠᠨ ᠴᠤ | ᠬᠠᠶᠠ ᠨᠢᠭᠡ ︽ᠠᠶᠢᠯᠴᠢᠯᠠᠬᠤ︾ ᠪᠣᠯᠭᠠᠨ ᠳᠤ ᠮᠥᠨ ᠯᠡ ᠲᠡᠶᠢᠮᠦ ᠯᠡ ᠦᠨᠦᠷ ᠲᠡᠶᠢᠮᠤ ᠯᠡ ᠠᠮᠲᠠ ᠭᠡᠷ ᠣᠷᠣᠨ ᠠᠴᠠ ᠨᠢ ᠴᠤ ᠠᠩᠬᠢᠯᠤᠨ ᠠᠮᠲᠠᠭᠳᠠᠵᠤ᠂ | ᠦᠨᠦᠷᠲᠦᠭᠳᠡᠵᠦ ᠪᠠᠶᠢᠳᠠᠭ ᠨᠢ ᠪᠦᠷ ᠬᠠᠷ᠎ᠠ ᠪᠠᠭ᠎ᠠ ᠠᠴᠠ ᠰᠡᠳᠬᠢᠯ ᠳᠤ ᠰᠢᠩᠭᠡᠴᠢᠬᠡᠭᠰᠡᠨ ᠤ ᠬᠢ ᠶᠤᠮ ᠦᠦ︕ | ᠥᠨᠥ ᠬᠡᠳᠦ᠋ᠢᠪᠡᠷ ᠡᠵᠢ ᠬᠡᠪᠲᠡᠷᠢ ᠳᠤ ᠣᠷᠣᠭᠰᠠᠨ ᠴᠤ ᠣᠷᠣ ᠳᠡᠷᠡ ᠲᠦᠰᠢᠨ ᠰᠠᠭᠤᠭᠠᠳ ᠬᠠᠭᠤᠷᠤᠭᠰᠠᠨ ᠠᠮᠤ ᠬᠤᠷᠤᠳ ᠰᠢᠷ᠎ᠠ ᠲᠣᠰᠣ ᠪᠤᠷᠠᠮ | ᠲᠡᠷᠢᠭᠦᠲᠡᠨ ᠢᠶᠠᠨ ᠵᠢᠵᠢᠭᠬᠡᠨ ᠴᠠᠢ ᠶᠢᠨ ᠰᠢᠷᠡᠭᠡᠨ ᠳᠡᠭᠡᠷ᠎ᠡ ᠪᠠᠨ ᠲᠠᠩᠰᠤᠭ ᠦᠷᠦᠴᠢᠭᠡᠭᠡᠳ ᠨᠠᠳᠠ ᠳᠤ ᠬᠠᠨᠢᠰᠤᠨ ᠤᠳᠠᠭᠠᠨ ᠴᠠᠶᠢᠯᠠᠵᠤ ᠰᠠᠭᠤᠯ᠎ᠠ᠃ ᠲᠡᠷᠡ ᠬᠦ | ᠡᠨᠡᠷᠢᠩᠭᠦᠢ ᠬᠠᠷᠠᠴᠠᠨ ᠠᠴᠠ ᠨᠢ ᠭᠦᠷᠲᠡᠯ᠎ᠡ ︽ᠬᠡᠦᠬᠡᠳ ᠮᠢᠨᠢ︕︾ ᠬᠡᠮᠡᠬᠦ ᠬᠠᠶᠢᠷ᠎ᠠ ᠶᠢᠨ ᠠᠮᠲᠠ᠂ ᠡᠨᠡᠷᠢᠭᠰᠡᠨ ᠰᠡᠳᠬᠢᠯ ᠲᠣᠳᠣᠷᠠᠭᠠᠳ ᠯᠡ ᠁ ᠰᠡᠳᠬᠢᠯ | ᠠᠶᠠᠭᠦ᠋ᠢᠷᠡᠭᠡᠳ᠂ ᠪᠦᠷ ᠴᠤ ᠶᠡᠭᠡ ᠰᠢᠮᠰᠢᠷᠡᠭᠰᠡᠨ ᠢ ᠬᠡᠯᠡᠬᠦ ᠦᠦ︕ ᠮᠠᠨ ᠠᠴᠠ ᠠᠯᠭᠤᠷ ᠠᠭᠠᠵᠢᠮ ᠢᠶᠠᠷ ᠬᠤᠯᠠᠳᠠᠵᠤ ᠪᠤᠢ ᠠᠮᠢ ᠨᠠᠰᠤ ᠨᠢ ᠡᠵᠢ ᠶᠢᠨ ᠦᠨᠦᠷ | ᠰᠢᠩᠭᠡᠭᠰᠡᠨ ᠴᠠᠢ ᠪᠠᠷ ᠤᠮᠳᠠᠯᠠᠵᠤ ᠶᠠᠪᠤᠭᠰᠠᠨ ᠪᠠᠭ᠎ᠠ ᠨᠠᠰᠤ ᠲᠠᠢ ᠮᠢᠨᠢ ᠶᠠᠭᠤᠲᠠᠢ ᠢᠵᠢᠯ ᠠᠵᠢ᠃ ᠶᠠᠭ ᠯᠡ ᠭᠡᠷ ᠤᠨ ᠮᠢᠨᠢ ᠬᠠᠵᠠᠭᠤ ᠪᠠᠷ ᠤᠬᠲᠤ ᠠᠮᠠᠷᠠᠯ ᠦᠭᠡᠢ | ᠤᠷᠤᠰᠤᠭᠠᠳ ᠤᠷᠤᠰᠤᠭᠠᠳ ᠬᠤᠯᠠᠳᠠᠳᠠᠭ ᠬᠠᠬᠢᠷ ᠤᠨ ᠭᠤᠣᠯ ᠤᠨ ᠤᠰᠤ ᠰᠢᠤᠬᠠᠨ ᠰᠠᠨᠠᠭᠳᠠᠬᠤ ᠶᠤᠮ᠃ | ᠪᠣᠷᠣᠭᠠᠨ ᠣᠷᠣᠬᠤ ᠭᠡᠵᠦ ᠪᠠᠶᠢᠭ᠎ᠠ ᠶᠤᠮ ᠪᠣᠯᠪᠠᠤ︖ ᠭᠡᠷ ᠤᠨ ᠡᠮᠦᠨᠡᠬᠢ ᠰᠠᠭᠯᠠᠭᠠᠷ ᠤᠳᠠᠨ ᠳᠤ ᠰᠦᠷᠦᠭ ᠪᠣᠯᠵᠣᠮᠣᠷ ᠪᠣᠰᠣᠨ ᠰᠠᠭᠤᠨ ᠨᠢᠭᠡ ᠶᠡᠭᠡ | ᠱᠤᠯᠤᠭᠠᠨᠠᠯᠳᠤᠭᠠᠳ ᠯᠡ᠃ ᠡᠵᠢ ᠶᠢᠨ ᠮᠢᠨᠢ ᠬᠤᠶᠠᠩ ᠰᠢᠷ᠎ᠠ ᠤᠰᠤ ᠲᠠᠢ ᠬᠥᠯ ᠨᠢ ᠱᠠᠷᠬᠢᠷᠠᠨ ᠡᠪᠡᠳᠴᠦ ᠪᠤᠢ ᠪᠤᠯᠤᠯᠲᠠᠢ᠂ ᠭᠦᠨ ᠭᠦᠨ ᠠᠲᠤᠷᠢᠶ᠎ᠠ | ᠬᠤᠨᠢᠶᠠᠰᠤ ᠲᠠᠢ ᠮᠠᠩᠨᠠᠢ ᠳᠤᠨᠢ ᠪᠤᠷᠴᠠᠭ ᠤᠨ ᠬᠥᠯᠥᠰᠦ ᠲᠠᠭᠠᠪᠤᠷᠢᠯᠠᠬᠤ ᠶᠤᠮ᠃ ᠪᠢ ᠡᠵᠢ ᠶᠢᠨ ᠨᠥᠮᠥᠷᠴᠦ ᠪᠠᠶᠢᠭ᠎ᠠ ᠨᠢᠮᠭᠡᠨ ᠭᠦᠨᠵᠢᠯᠡ ᠶᠢᠨ ᠳᠡᠭᠡᠷ᠎ᠡ | ᠬᠠᠵᠠᠭᠤ ᠳᠤᠨᠢ ᠪᠠᠶᠢᠭᠰᠠᠨ ᠨᠣᠣᠰᠣᠨ ᠭᠦᠷᠮ᠎ᠡ ᠶᠢ ᠨᠢ ᠠᠪᠴᠤ ᠳᠠᠪᠬᠤᠴᠠᠨ ᠨᠦᠮᠦᠷᠢᠭᠦᠯᠵᠦ ᠥᠭᠭᠦᠭᠡᠳ ᠡᠵᠢ ᠶᠢᠨ ᠬᠥᠬᠡ ᠴᠠᠮᠴᠠ ᠶᠢ ᠡᠭᠡᠯᠳᠦᠷᠭᠡᠯᠡᠨ ᠭᠠᠳᠠᠨ᠎ᠠ | ᠳᠣᠲᠣᠨ᠎ᠠ ᠪᠠᠶᠢᠬᠤ ᠵᠦᠢᠯ ᠢ ᠪᠦᠷᠬᠦᠬᠦ ᠶᠢ ᠨᠢ ᠪᠦᠷᠬᠦᠵᠦ ᠭᠡᠷ ᠲᠤ ᠤᠷᠣᠭᠤᠯᠬᠤ ᠶᠢ ᠨᠢ ᠣᠷᠣᠭᠤᠯᠵᠤ ᠮᠤᠩᠭᠠᠨᠢᠪᠠ᠃ ᠡᠵᠢ ᠶᠢᠨ ᠲᠡᠷᠡ ᠴᠠᠮᠴᠠᠨ ᠠᠴᠠ ᠲᠡᠷᠡ ᠯᠡ | ᠨᠢᠭᠡ ᠲᠠᠨᠢᠯ ᠦᠨᠦᠷ ᠲᠠᠨᠢᠯ ᠠᠮᠲᠠ ᠬᠠᠮᠠᠷ ᠤᠷᠤᠭᠤ᠂ ᠰᠡᠳᠬᠢᠯ ᠤᠷᠤᠭᠤ ᠰᠡᠩᠭᠢ ᠲᠠᠲᠠᠨ᠎ᠠ᠃ ᠠᠢ ᠳ᠋ᠠ᠂ ᠡᠨᠡ ᠯᠡ ᠦᠨᠦᠷ ᠡᠨᠡ ᠯᠡ ᠠᠮᠲᠠ ᠪᠢᠳᠠ ᠬᠤᠶᠠᠷ | ᠤᠳᠠᠯ ᠦᠭᠡᠢ ᠶᠢᠷᠲᠢᠨᠴᠦ ᠶᠢᠨ ᠵᠢᠮ᠎ᠡ ᠪᠠᠷ ᠰᠠᠯᠤᠨ᠎ᠠ ᠳ᠋ᠠ ᠭᠡᠬᠦ ᠠᠴᠠ ᠰᠡᠳᠬᠢᠯ ᠪᠠᠰᠠ ᠴᠦ ᠤᠶᠠᠷᠠᠪᠠ᠃ | ᠪᠢ ᠡᠳᠦᠷᠵᠢᠨ ᠡᠵᠢ ᠶᠢᠨ ᠢᠶᠠᠨ ᠲᠡᠷᠡ ᠴᠠᠮᠴᠠ ᠶᠢ ᠡᠭᠡᠯᠳᠦᠷᠭᠡᠯᠡᠭᠰᠡᠨ ᠬᠡᠪ ᠲᠡᠭᠡᠨ ᠭᠡᠷ ᠭᠠᠳᠠᠨ᠎ᠠ ᠶᠠᠭᠠᠷᠠᠭᠠᠳ ᠯᠡ ᠪᠠᠶᠢᠯ᠎ᠠ᠃ ᠡᠵᠢ ᠮᠢᠨᠢ ᠡᠷᠡᠭᠦᠯ ᠪᠠᠶᠢᠬᠤ ᠳᠤ | ᠳᠠᠩᠳᠠ ᠬᠢᠳᠡᠭ ᠲᠡᠳᠡᠭᠡᠷ ᠠᠵᠢᠯ ᠤᠳ ᠢ ᠪᠠᠶᠢᠷᠢ ᠪᠠᠶᠢᠷᠢ ᠳᠤᠨᠢ ᠣᠷᠣᠭᠤᠯᠵᠤ ᠲᠠᠯᠪᠢᠬᠤ ᠪᠠᠷ ᠡᠵᠢ ᠮᠢᠨᠢ ᠪᠠᠶᠠᠷᠯᠠᠬᠤ ᠪᠠᠶᠢᠬ᠎ᠠ ᠭᠡᠵᠦ ᠰᠠᠨᠠᠯ᠎ᠠ᠃ ᠲᠡᠷᠡ ᠦᠨᠦᠷ ᠢ | ᠲᠡᠷᠡ ᠠᠮᠲᠠ ᠶᠢ ᠨᠢ ᠪᠡᠶ᠎ᠡ ᠳᠡᠭᠡᠨ ᠰᠢᠩᠭᠡᠭᠡᠳ ᠠᠪᠤᠶ᠎ᠠ ᠭᠡᠵᠦ ᠰᠠᠨᠠᠭᠰᠠᠨ ᠶᠤᠮ᠃ ᠬᠡᠵᠢᠶ᠎ᠡ ᠨᠢᠭᠡ ᠡᠳᠦᠷ ᠡᠵᠢ ᠮᠢᠨᠢ ᠳᠡᠷᠭᠡᠳᠡ ᠠᠴᠠ ᠨᠢᠰᠤᠨ ᠤᠳᠬᠤ ᠪᠠᠷ ᠲᠡᠷᠡ | ᠨᠠᠨᠳᠢᠨ ᠦᠨᠦᠷ ᠠᠮᠲᠠ ᠶᠢ ᠴᠤ ᠭᠡᠰᠡᠨ ᠦᠨᠦᠰᠦᠭᠡᠳ ᠦᠭᠡᠶᠢᠯᠡᠨ ᠰᠠᠭᠤᠬᠤ ᠰᠠᠨ ᠬᠡᠮᠡᠨ ᠪᠤᠳᠤᠨ᠎ᠠ᠃ ᠬᠠᠷ᠎ᠠ ᠪᠣᠷᠣ ᠠᠵᠢᠯ ᠳᠤ ᠪᠣᠷᠪᠢ ᠪᠣᠬᠢᠰᠬᠢᠯ ᠦᠭᠡᠢ | ᠡᠳᠦᠷ ᠤᠳ ᠢ ᠨᠢ ᠪᠤᠲᠣᠵᠤ ᠰᠠᠨᠠᠵᠤ ᠶᠠᠪᠤᠬᠤ ᠰᠠᠨ ᠬᠡᠮᠡᠨ ᠪᠤᠳᠣᠨ᠎ᠠ᠃ ᠬᠥᠮᠥᠨ ᠦᠷ᠎ᠡ ᠬᠡᠦᠬᠡᠳ ᠤᠨ ᠢᠶᠠᠨ ᠰᠡᠳᠬᠢᠯ ᠳᠤ ᠨᠢᠭᠡ ᠶᠠᠭᠤᠮ᠎ᠠ ᠬᠤᠨᠣᠭᠰᠢᠭᠤᠯᠤᠨ | ᠦᠯᠡᠳᠡᠭᠡᠨ᠎ᠡ ᠭᠡᠳᠡᠭ ᠶᠠᠮᠠᠷ ᠰᠠᠶᠢᠬᠠᠨ ᠠ᠋᠃ ᠪᠢ ᠴᠤ ᠥᠲᠡᠯᠦᠭᠡᠳ ᠢᠷᠡᠬᠦ ᠪᠠᠷ ︽ᠡᠪᠦᠭᠡ ᠴᠢᠨᠢ ᠡᠮᠡᠭᠡ ᠴᠢᠨᠢ ᠁︾ ᠬᠡᠮᠡᠨ ᠦᠭᠡᠨ ᠤ ᠤᠭᠤᠲᠠ ᠪᠠᠨ | ᠳᠡᠯᠭᠡᠨ᠎ᠡ᠃ ᠬᠡᠦᠬᠡᠳ ᠤᠳ ᠮᠢᠨᠢ ᠬᠤᠵᠢᠮ ᠤᠨ ᠬᠤᠵᠢᠮ ᠪᠠᠰᠠ ᠨᠠᠳᠠ ᠰᠢᠤᠬᠠᠨ ︽ᠡᠪᠦᠭᠡ ᠴᠢᠨᠢ ᠡᠮᠡᠭᠡ ᠴᠢᠨᠢ︾ ᠭᠡᠬᠦ ᠪᠣᠯᠣᠨ᠎ᠠ᠃ ᠬᠥᠮᠥᠨ ᠤ ᠤᠳᠤᠮ | ᠤᠭᠰᠠᠭ᠎ᠠ ᠭᠡᠵᠦ ᠡᠶᠢᠮᠦ ᠯᠡ᠂ ᠬᠤᠶᠢᠨ᠎ᠠ ᠬᠤᠶᠢᠨ᠎ᠠ ᠠᠴᠠ ᠪᠠᠨ ᠦᠷᠭᠦᠯᠵᠢᠯᠡᠭᠡᠳ ᠁ | ᠪᠢ ᠡᠵᠢ ᠳᠡᠭᠡᠨ ᠤᠰᠤ ᠴᠠᠢ ᠳᠥᠬᠦᠭᠦᠯᠵᠦ ᠥᠭᠬᠦ ᠪᠠᠷ ᠤᠳᠠᠬᠤ ᠦᠭᠡᠢ ᠤᠳᠠᠬᠤ ᠦᠭᠡᠢ ᠭᠡᠷ ᠲᠤ ᠣᠷᠣᠨ᠎ᠠ᠃ ᠡᠵᠢ᠄ ︽ᠬᠦᠦ ᠮᠢᠨᠢ ᠵᠦᠭᠡᠷ ᠯᠡ ᠳᠡᠷᠭᠡᠳᠡ | ᠮᠢᠨᠢ ᠰᠠᠭᠤ᠃ ᠬᠥᠮᠥᠨ ᠨᠢᠭᠡ ᠨᠠᠰᠤ ᠪᠠᠷ ᠢᠶᠠᠨ ᠠᠵᠢᠯ ᠢ ᠬᠢᠭᠡᠳ ᠪᠠᠷᠠᠳᠠᠭ ᠦᠭᠡᠢ᠃ ᠠᠵᠢᠯ ᠴᠤ ᠪᠠᠷᠠᠭᠳᠠᠰᠢ ᠦᠭᠡᠢ᠃ ᠨᠢᠭᠡ ᠢᠷᠡᠭᠰᠡᠨ ᠢᠶᠠᠨ ᠠᠮᠠᠷᠠᠯ ᠳ᠋ᠠ ᠁ | ︾ ᠭᠡᠳ ᠯᠡ ᠰᠤᠯᠠᠬᠠᠨ ᠳᠤᠤᠭᠠᠷᠪᠠ᠃ ᠲᠡᠶᠢᠮᠤ ᠠ᠋ ᠠᠵᠢᠯ ᠭᠡᠳᠡᠭ ᠢ ᠬᠢᠭᠡᠳ ᠪᠠᠷᠠᠳᠠᠭ ᠦᠭᠡᠢ᠂ ᠪᠠᠰᠠ ᠪᠠᠷᠠᠭᠳᠠᠰᠢ ᠦᠭᠡᠢ ᠪᠠᠶᠢᠳᠠᠭ ᠶᠤᠮ ᠰᠠᠨ᠃ ᠪᠢᠳᠠ ᠭᠡᠷ | ᠪᠦᠯᠢ ᠪᠠᠷ ᠢᠶᠠᠨ ᠵᠢᠯ ᠤᠨ ᠵᠢᠯ ᠠᠪᠤ ᠡᠵᠢ ᠲᠠᠢ ᠪᠠᠨ ᠰᠢᠨᠡᠯᠡᠬᠦ ᠪᠠᠷ ᠪᠢᠲᠡᠭᠦᠨ ᠳᠤ ᠢᠷᠡᠨ᠎ᠡ᠃ ᠢᠷᠡᠬᠦ ᠪᠣᠯᠭᠠᠨ ᠠᠪᠤ ᠲᠠᠢ ᠪᠠᠨ ᠬᠤᠶᠠᠭᠤᠯᠠ ᠰᠢᠨ᠎ᠡ ᠶᠢᠨ ᠨᠢᠭᠡᠨ ᠤ | ᠥᠷᠯᠥᠭᠡ ᠣᠲᠣᠷ ᠲᠤ ᠣᠴᠢᠵᠤ ᠬᠥᠯᠳᠡᠭᠦᠰᠦ ᠠᠪᠴᠤ᠂ ᠮᠠᠯ ᠢᠶᠠᠨ ᠡᠪᠡᠰᠦᠯᠡᠵᠦ ᠤᠰᠤᠯᠠᠳᠠᠭ᠃ ᠲᠡᠭᠡᠭᠡᠳ ᠪᠠᠭ᠎ᠠ ᠦᠳᠡ ᠶᠢᠨ ᠠᠰ ᠢᠶᠠᠷ ᠣᠲᠣᠷ ᠤᠨ ᠭᠡᠷ ᠲᠡᠭᠡᠨ | ᠭᠠᠯ ᠬᠦᠰ ᠲᠦᠯᠡᠨ ᠤᠲᠤᠭ᠎ᠠ ᠤᠨᠢᠶᠠᠷ ᠭᠠᠷᠭᠠᠨ ᠴᠠᠶᠢᠯᠠᠵᠤ ᠠᠪᠤᠭᠠᠳ ᠪᠤᠴᠠᠳᠠᠭ᠃ ᠬᠠᠷ᠎ᠠ ᠪᠠᠭ᠎ᠠ ᠠᠴᠠ ᠪᠠᠨ ᠮᠠᠯ ᠤᠨᠤᠭ᠎ᠠ ᠭᠡᠳ ᠶᠠᠳᠠᠷᠠᠵᠤ ᠶᠠᠪᠤᠭ᠎ᠠ | ᠳᠡᠭᠦᠦ ᠪᠠᠨ ᠰᠢᠨ᠎ᠡ ᠶᠢᠨ ᠨᠢᠭᠡᠨ ᠤ ᠡᠳᠦᠷ ᠠᠮᠠᠷᠠᠭᠤᠯᠵᠤ ᠪᠤᠢ ᠨᠢ ᠲᠡᠷᠡ᠃ ᠭᠡᠲᠡᠯ᠎ᠡ ᠬᠡᠵᠢᠶᠡᠳᠡ ᠠᠮᠠᠷᠠᠳᠠᠭ ᠦᠭᠡᠢ ᠨᠢ ᠠᠪᠤ ᠰᠢᠦ᠃ ᠨᠢᠭᠡ ᠨᠠᠰᠤ ᠪᠠᠷ ᠢᠶᠠᠨ ᠮᠠᠯ | ᠬᠤᠨᠢ ᠭᠡᠰᠡᠨ ᠠᠪᠤ ᠮᠢᠨᠢ ᠡᠵᠢ ᠰᠢᠭ ᠬᠡᠪᠲᠡᠷᠢ ᠳᠤ ᠪᠠᠶᠢᠬᠤ ᠳᠠᠭᠠᠨ ᠪᠠᠰᠠ ᠮᠠᠨᠤᠰ ᠢᠶᠠᠷ ᠲᠦᠰᠢᠭᠦᠯᠵᠦ ᠮᠠᠯ ᠠᠬᠤᠢ᠂ ᠬᠠᠰᠢᠶ᠎ᠠ ᠰᠠᠷᠠᠪᠴᠢ ᠪᠠᠨ ᠠᠩᠬᠠᠷᠴᠤ᠂ | ᠬᠥᠮᠥᠨ ᠤ ᠠᠮᠢᠳᠤᠷᠠᠯ ᠤᠨ ᠠᠮᠢᠨ ᠬᠡᠰᠢᠭ ᠪᠣᠯᠤᠭᠰᠠᠨ ᠮᠠᠯ ᠠᠬᠤᠢ ᠪᠠᠨ᠂ ᠥᠪᠡᠷ ᠤᠨ ᠬᠢᠵᠦ ᠪᠦᠲᠦᠭᠡᠭᠰᠡᠨ ᠠᠮᠢᠳᠤᠷᠠᠯ ᠢᠶᠠᠨ ᠰᠡᠳᠬᠢᠯ ᠳᠡᠭᠡᠨ ᠰᠢᠩᠭᠡᠭᠡᠵᠦ | ᠪᠠᠶᠢᠭᠰᠠᠨ᠃ ᠠᠪᠤ ᠯᠡ ᠡᠵᠢ ᠶᠢᠨ ᠪᠦᠬᠦᠢ ᠵᠦᠢᠯ ᠥᠩᠭᠡ ᠳᠦᠷᠢ᠂ ᠦᠭᠡ ᠵᠣᠭᠤᠭ᠂ ᠤᠬᠠᠭᠠᠨ ᠰᠠᠨᠠᠭᠠᠨ ᠳᠤ ᠬᠠᠳᠠᠩᠰᠢᠨ ᠥᠨᠢ ᠳᠤᠷᠠᠰᠤᠯ ᠪᠣᠯᠣᠨ ᠦᠯᠡᠳᠡᠳᠡᠭ᠃ | ᠠᠢ ᠬᠥᠭᠡᠷᠦᠬᠦᠢ᠂ ᠬᠥᠮᠥᠨ ᠬᠡᠦᠬᠡᠳ ᠤᠨ ᠢᠶᠠᠨ ᠰᠡᠳᠬᠢᠯ ᠳᠤ ᠢᠩᠭᠢᠵᠦ ᠯᠡ ᠮᠥᠩᠬᠡᠷᠡᠳᠡᠭ ᠪᠠᠶᠢᠵᠤ ᠳ᠋ᠠ︕ | ᠡᠵᠢ ᠨᠠᠮᠠᠶᠢ ᠵᠠᠬᠢᠵᠤ ᠬᠠᠨ᠎ᠠ ᠳᠠᠭᠠᠭᠤᠯᠤᠭᠰᠠᠨ ᠠᠪᠳᠠᠷ᠎ᠠ ᠠᠴᠠ ᠪᠠᠨ ᠪᠣᠭᠤᠳᠠᠯ ᠪᠠᠭᠯᠠᠭ᠎ᠠ ᠭᠠᠷᠭᠠᠯᠭᠠᠪᠠ᠃ ᠪᠣᠭᠤᠳᠠᠯ ᠳᠤᠨᠢ ᠨᠠᠭᠠᠴᠤ ᠡᠮᠡᠭᠡ ᠶᠢᠨ ᠵᠢᠷᠠᠨ ᠨᠢᠭᠡᠨ | ᠨᠠᠰᠤᠨ ᠤ ᠵᠢᠯ ᠤᠨ ᠪᠠᠶᠠᠷ ᠢᠶᠠᠷ ᠡᠮᠦᠰᠦᠭᠰᠡᠨ ᠴᠠᠶᠢᠪᠤᠷ ᠴᠡᠩᠬᠡᠷ ᠪᠥᠰ ᠳᠣᠲᠣᠷ ᠲᠠᠢ ᠪᠣᠷᠣ ᠲᠣᠷᠭᠠᠨ ᠲᠡᠷᠯᠢᠭ ᠪᠠᠶᠢᠯ᠎ᠠ᠃ ᠡᠵᠢ ᠮᠢᠨᠢ ᠡᠵᠢ ᠳᠡᠭᠡᠨ ᠭᠡᠵᠦ | ᠭᠠᠷ ᠤᠨ ᠢᠶᠠᠨ ᠤᠷ᠎ᠠ ᠶᠢ ᠭᠠᠷᠭᠠᠨ ᠱᠠᠭᠯᠠᠭᠰᠠᠨ ᠲᠡᠷᠡ ᠲᠡᠷᠯᠢᠭ ᠢᠶᠠᠨ ᠠᠪᠴᠤ᠄ ︽ᠴᠢᠨᠦ ᠨᠠᠭᠠᠴᠤ ᠡᠮᠡᠭᠡ ᠶᠢᠨ ᠴᠢᠨᠢ᠃ ᠨᠠᠭᠠᠴᠤ ᠡᠮᠡᠭᠡ ᠶᠢᠨ ᠴᠢᠨᠢ ᠪᠡᠶ᠎ᠡ ᠴᠢᠨᠦ | ᠡᠬᠡᠨᠡᠷ ᠤᠨ ᠪᠡᠶ᠎ᠡ ᠬᠠᠳᠠ ᠲᠠᠢ ᠪᠠᠷᠤᠭ ᠣᠴᠢᠨ᠎ᠠ᠃ ᠡᠬᠡᠨᠡᠷ ᠲᠡᠭᠡᠨ ᠠᠪᠠᠴᠢᠵᠤ ᠥᠭᠭᠦᠭᠡᠷᠡᠢ᠃ ᠶᠠᠭᠤᠮ᠎ᠠ ᠬᠡᠦᠮ᠎ᠡ ᠳᠤ ᠭᠠᠮᠲᠠᠢ᠂ ᠪᠠᠰᠠ ᠶᠠᠭᠤᠮ᠎ᠠ ᠶᠢ ᠶᠠᠭᠤᠮ᠎ᠠ | ᠪᠤᠯᠭᠠᠵᠤ ᠴᠢᠳᠠᠳᠠᠭ ᠬᠡᠦᠬᠡᠳ ᠶᠤᠮ︾ ᠭᠡᠳ ᠳᠡᠭᠡᠷ᠎ᠡ ᠳᠣᠣᠷ᠎ᠠ ᠳᠠᠪᠬᠤᠴᠠᠬᠤ ᠠᠮᠢᠰᠬᠤᠭ᠎ᠠ ᠪᠠᠨ ᠲᠡᠩᠴᠡᠭᠦᠯᠵᠦ ᠠᠭᠠᠵᠢᠮ ᠶᠠᠷᠢᠨ᠎ᠠ᠃ ᠪᠢ ᠬᠡᠴᠢᠨᠡᠨ ᠵᠢᠯ | ᠳᠠᠷᠤᠭᠳᠠᠨ ᠬᠠᠳᠠᠭᠠᠯᠠᠭᠳᠠᠭᠰᠠᠨ ᠡᠨᠡ ᠲᠡᠷᠯᠢᠭ ᠢ ᠲᠣᠰᠣᠨ ᠠᠪᠴᠤ ᠦᠨᠦᠷᠯᠡᠵᠦ ᠲᠡᠪᠡᠷᠢᠵᠦ ᠥᠬᠢᠨ ᠪᠦᠰᠡᠭᠦᠢ ᠮᠡᠲᠦ ᠦᠭᠡ ᠦᠭᠡᠢ ᠨᠡᠯᠢᠶᠡᠳ ᠰᠠᠭᠤᠪᠠ᠃ ᠠᠢ | ᠳ᠋ᠠ᠂ ︽ᠡᠳ᠋ ᠮᠥᠩᠬᠡ ᠡᠵᠡᠨ ᠨᠢ ᠬᠡᠪᠡᠷᠡᠭ︾ ᠭᠡᠳᠡᠭ ᠢ ᠡᠨᠡ ᠯᠡ ᠲᠡᠷᠯᠢᠭ ᠬᠠᠷᠠᠭᠤᠯᠤᠭᠠᠳ ᠪᠠᠶᠢᠨ᠎ᠠ ᠭᠡᠭᠡᠴᠢ︕ ᠪᠢ ᠡᠵᠢ ᠪᠠᠨ ᠪᠠᠶᠠᠰᠬᠠᠬᠤ ᠭᠡᠵᠦ ᠲᠡᠷᠯᠢᠭ ᠢ | ᠪᠡᠶ᠎ᠡ ᠳᠡᠭᠡᠨ ᠲᠠᠭᠠᠷᠠᠭᠤᠯᠤᠨ ᠬᠡᠦᠬᠡᠳ ᠭᠡᠮᠡᠷ ᠠᠯᠢᠶᠠᠯᠠᠨ ᠡᠷᠭᠢᠯᠳᠦᠪᠡ᠃ ᠲᠡᠭᠡᠵᠦ ᠬᠡᠳᠦᠨᠲᠡ ᠡᠷᠭᠢᠯᠳᠦᠬᠦ ᠪᠠᠷ ᠰᠡᠪᠡᠯᠵᠡᠭᠰᠡᠨ ᠵᠢᠪᠠᠷ ᠠᠴᠠ ᠨᠢ ᠮᠥᠨ ᠯᠡ ᠴᠠᠢ ᠶᠢᠨ | ᠠᠮᠲᠠ᠂ ᠴᠠᠢ ᠶᠢᠨ ᠦᠨᠦᠷ ᠰᠦ ᠰᠠᠭᠠᠯᠢ ᠠᠷᠭᠠᠯ ᠬᠤᠷᠭᠤᠯ ᠤᠨ ᠦᠨᠦᠷ ᠬᠠᠩᠬᠤᠯᠤᠭᠠᠳ᠃ | ᠮᠢᠨᠤ ᠨᠢᠳᠦᠨ ᠳᠤ ᠨᠢᠯᠪᠤᠰᠤ ᠵᠠᠶᠢᠷᠯᠠᠭᠠᠳ ᠁ ᠪᠢ ᠲᠦᠷᠭᠡᠬᠡᠨ ᠭᠠᠳᠠᠨ᠎ᠠ ᠭᠠᠷᠤᠯ᠎ᠠ᠃ ᠵᠣᠨ ᠤ ᠰᠡᠭᠦᠯ ᠰᠠᠷ᠎ᠠ ᠶᠢᠨ ᠲᠡᠭᠷᠢ ᠪᠠᠰᠠ ᠪᠣᠷᠣᠭᠠᠯᠠᠵᠤ ᠪᠠᠶᠢᠨ᠎ᠠ | ᠪᠢᠯᠡ᠃ | ᠦᠭᠰᠦᠲᠦ ᠶᠢᠨ ᠥᠨᠳᠥᠷ ᠣᠷᠣᠢ ᠪᠠᠨ ᠡᠯᠡᠭᠳᠡᠨ᠎ᠡ ᠬᠡᠮᠡᠨ ᠪᠤᠲᠤᠭ᠎ᠠ ᠦᠭᠡᠢ | ᠥᠯ ᠪᠤᠭᠤᠷᠤᠯ ᠡᠵᠢ ᠪᠠᠨ ᠥᠲᠡᠯᠦᠨ᠎ᠡ ᠬᠡᠮᠡᠨ ᠪᠤᠳᠤᠭ᠎ᠠ ᠦᠭᠡᠢ ᠁ |