ᠨᠤᠲᠤᠭ
ᠨᠡᠶᠢᠲᠡᠯᠡᠭᠰᠡᠨ ᠴᠠᠭ᠄
2024/12/23
ᠡᠷᠲᠡ ᠤᠷᠢᠳᠤ ᠶᠢᠨ ᠬᠠᠭᠤᠴᠢ ᠦᠯᠢᠭᠡᠷ ᠰᠢᠭ ᠡᠮᠡᠭᠡ ᠠᠭᠤᠯᠠ ᠬᠤᠶᠠᠷ ᠮᠢᠨᠢ ᠬᠥᠲᠥᠯᠥᠭᠰᠡᠨ ᠣᠨ ᠵᠢᠯ ᠤᠨ ᠪᠤᠭᠤᠷᠤᠯ ᠵᠠᠮ ᠢ ᠡᠪᠬᠡᠬᠦ ᠳᠤ ᠣᠪᠣᠭᠠᠲᠤ ᠶᠢᠨ ᠬᠥᠨᠳᠡᠢ ᠮᠢᠨᠢ ᠲᠤᠰᠤᠨ᠎ᠠ ᠠᠭᠤᠯᠠ ᠴᠡᠴᠡᠭ ᠬᠤᠶᠠᠷ ᠤᠨ ᠢᠶᠠᠨ ᠳᠤᠮᠳᠠ ᠭᠦᠶᠦᠨᠡᠮ ᠲᠣᠷᠦ᠋ᠢᠭ᠌ᠰᠠᠭᠠᠷ ᠬᠤᠴᠣᠷᠤᠭᠰᠠᠨ ᠡᠵᠢ ᠶᠢᠨ ᠮᠢᠨᠢ ᠲᠣᠷᠮᠦ᠋ᠢᠵᠤ ᠰᠠᠭᠤᠭ᠎ᠠ ᠲᠡᠭᠷᠢ ᠶᠢᠨ ᠦᠷ ᠲᠤᠷᠳᠤᠩ ᠤᠨ ᠥᠩᠭᠡ ᠪᠠᠷ ᠡᠬᠢᠯᠡᠬᠦ ᠳᠤ ᠲᠤᠤᠯᠢᠮ᠎ᠠ ᠬᠤᠷᠸ᠎ᠠ ᠬᠠᠳᠠᠭ ᠤᠨ ᠴᠡᠩᠬᠡᠷ ᠨᠠᠮᠢᠷᠠᠨ᠎ᠠ ᠳᠡᠩᠳᠡᠭᠦᠦ ᠶᠡᠭᠡ ᠠᠴᠢ ᠶᠢ ᠨᠢ ᠰᠠᠨᠠᠬᠤ ᠳᠤ ᠳᠡᠯᠡᠬᠡᠢ ᠳᠦᠭᠦᠷᠡᠩ ᠬᠠᠶᠢᠷ᠎ᠠ ᠡᠨᠡᠷᠢᠯ ᠦᠷᠭᠦᠯᠵᠢᠯᠡᠨᠡᠮ ᠳᠤᠲᠠᠭᠤ ᠲᠠᠢ ᠬᠤᠷᠸ᠎ᠠ ᠶᠢᠨ ᠬᠠᠲᠠᠭᠤ ᠶᠢ ᠲᠠᠨᠢᠭᠤᠯᠵᠤ ᠳᠠᠭᠤᠤ ᠳᠤ ᠯᠡ ᠦᠯᠡᠳᠡᠭᠰᠡᠨ ᠠᠪᠤ ᠪᠠᠨ ᠮᠥᠷᠥᠭᠡᠳᠬᠦᠢ ᠳᠠᠭᠤᠲᠤ ᠶᠢᠨ ᠪᠣᠷᠣ ᠲᠠᠯ᠎ᠠ ᠵᠡᠭᠦᠳᠦᠨ ᠳᠤ ᠳᠡᠯᠭᠡᠭᠳᠡᠭᠡᠳ ᠲᠤᠰᠤᠭᠠᠳ ᠤᠭᠲᠤᠳᠠᠭ ᠬᠥᠲᠥᠯ ᠵᠡᠭᠦᠳᠦᠨ ᠳᠤ ᠲᠣᠷᠦ᠋ᠢᠭᠠᠳ ᠲᠤᠮᠤᠭ ᠤᠨ ᠪᠠᠭᠠᠲᠤᠷ ᠰᠢᠭ᠋ ᠡᠷ᠎ᠡ ᠮᠣᠷᠢᠲᠠᠢ ᠢᠷᠡᠨ ᠪᠠᠭᠤᠵᠤ ᠲᠣᠰᠣ ᠲᠠᠢ ᠴᠠᠢ ᠤᠤᠭᠤᠵᠤ ᠬᠥᠯᠥᠷᠡᠨ ᠰᠠᠭᠤᠨᠠᠮ ᠳᠤᠷᠠᠳᠬᠠᠯ ᠪᠢᠳᠡ ᠬᠤᠶᠠᠷ ᠪᠡᠶ᠎ᠡ ᠪᠡᠶ᠎ᠡ ᠳᠡᠭᠡᠨ ᠡᠷᠬᠡᠯᠡᠨᠡᠮ ᠡᠪᠡᠰᠦᠨ ᠤ ᠲᠣᠯᠣᠭᠠᠢ ᠪᠥᠬᠦᠯᠵᠡᠬᠦ ᠬᠢᠷᠠᠭᠤᠲᠤ ᠥᠷᠯᠥᠭᠡ ᠡᠭᠦᠯᠡ ᠳᠠᠯᠳᠠᠯᠠᠭᠰᠠᠨ ᠪᠤᠭᠤᠷᠤᠯ ᠤᠳ ᠢᠶᠠᠨ ᠳᠤᠷᠠᠰᠬᠤᠢ ᠡᠭᠡᠯ ᠦᠭᠡᠢ ᠤᠬᠠᠭᠠᠨᠲᠤ ᠭᠡᠭᠡᠷᠡᠭᠦᠢ ᠶᠢᠨ ᠰᠤᠷᠭᠠᠯ ᠨᠢ ᠡᠰ ᠪᠦᠭᠦᠨ ᠢ ᠮᠢᠨᠢ ᠢᠪᠡᠭᠡᠨ ᠳᠠᠭᠤᠳᠠᠨᠠᠮ ᠠᠭᠤᠯᠠᠰ ᠤᠨ ᠢᠶᠠᠨ ᠴᠢᠯᠠᠭᠤ ᠶᠢ ᠥᠭᠡᠳᠡ ᠨᠢ ᠲᠡᠭᠰᠢᠯᠡᠬᠦ ᠤᠬᠠᠭᠠᠨ ᠤ ᠲᠡᠮ ᠳᠤ ᠦᠷᠡᠰ ᠨᠢ ᠥᠰᠦᠨᠡᠮ ᠡᠷᠬᠢᠮᠰᠦᠭ ᠭᠤᠸ᠎ᠠ ᠣᠷᠣᠰᠢᠬᠤᠢ ᠳᠤ ᠭᠠᠵᠠᠷ ᠤᠨ ᠠᠮᠢᠰᠬᠤᠭ᠎ᠠ ᠲᠡᠨᠢᠢᠨ ᠡᠩᠭᠡᠷ ᠤᠨ ᠭᠤᠷᠪᠠᠨ ᠨᠠᠭᠤᠷ ᠢᠷᠭᠤᠢ ᠵᠠᠬᠠᠯᠠᠨ ᠤᠷᠢᠬᠠᠨ ᠬᠠᠪᠤᠷ ᠢᠷᠡᠵᠦ ᠡᠬᠢᠯᠡᠯ ᠲᠡᠭᠦᠰᠬᠡᠯ ᠢ ᠶᠢᠷᠲᠢᠨᠴᠦ ᠶᠢᠨ ᠴᠢᠨᠠᠳᠤ ᠳᠤ ᠠᠶᠠᠯᠭᠤ ᠲᠦᠷᠢᠨ ᠢᠷᠦᠭᠡᠯ ᠤᠨ ᠰᠠᠴᠤᠯᠢ ᠲᠠᠢ ᠲᠡᠭᠷᠢ ᠳᠤ ᠨᠠᠮᠤᠷ ᠤᠨ ᠰᠢᠪᠠᠭᠤᠳ ᠪᠤᠴᠠᠭᠰᠠᠭᠠᠷ ᠶᠢᠰᠦᠨ ᠬᠦᠰᠡᠯ ᠤᠨ ᠡᠬᠡ ᠣᠷᠣᠨ ᠮᠢᠨᠢ ᠦᠷ᠎ᠡ ᠪᠠᠨ ᠪᠠᠷᠠᠯᠠᠨᠠᠮ ᠡᠩᠭᠡᠰᠬᠡᠲᠦ ᠬᠠᠴᠠᠷ ᠢᠶᠠᠨ ᠥᠭᠴᠦ ᠦᠨᠦᠰᠦᠭᠦᠯᠬᠦ ᠡᠯᠢᠭᠡᠨ ᠬᠦᠷᠡᠩ ᠠᠭᠤᠯᠠᠰ ᠮᠢᠨᠢ ᠲᠡᠪᠡᠷᠢᠨᠡᠮ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ