ᠠᠯᠠᠱᠠ ︽ᠬᠤᠣᠰ ᠪᠥᠬᠦᠲᠦ ᠲᠡᠮᠡᠭᠡᠨ ᠤ ᠨᠤᠲᠤᠭ︾ ᠭᠡᠬᠦ ᠰᠠᠶᠢᠬᠠᠨ ᠠᠯᠳᠠᠷ ᠲᠠᠢ᠃ ᠪᠦᠭᠦ ᠤᠯᠤᠰ ᠤᠨ ᠭᠤᠷᠪᠠᠨ ᠤ ᠬᠤᠶᠠᠷ ᠤᠨ ᠬᠤᠣᠰ ᠪᠥᠬᠦᠲᠦ ᠲᠡᠮᠡᠭᠡ | ᠠᠳᠡ ᠪᠠᠶᠢᠵᠤ᠂ ᠠᠯᠠᠱᠠ ᠶᠢᠨ 27 ᠲᠦᠮᠡᠨ ᠲᠡᠭᠰᠢ ᠳᠥᠷᠪᠡᠯᠵᠢᠨ ᠺᠢᠯᠤᠮᠧᠳ᠋ᠷ ᠨᠤᠲᠤᠭ ᠳᠡᠪᠢᠰᠬᠡᠷ ᠲᠠᠬᠢ ᠤᠨᠴᠠᠭᠠᠢ ᠦᠵᠡᠮᠵᠢ ᠪᠣᠯᠵᠠᠢ᠃ ᠠᠯᠠᠱᠠ ᠶᠢ ᠳᠤᠷᠠᠳᠪᠠᠯ | ᠲᠡᠮᠡᠭᠡ ᠶᠢ ᠳᠤᠷᠠᠳᠬᠤ ᠦᠭᠡᠢ ᠪᠠᠶᠢᠵᠤ ᠴᠢᠳᠠᠬᠤ ᠦᠭᠡᠢ᠂ ᠠᠯᠠᠱᠠ ᠶᠢᠨ ᠬᠤᠣᠰ ᠪᠥᠬᠦᠲᠦ ᠲᠡᠮᠡᠭᠡ ᠨᠢ ᠪᠡᠶ᠎ᠡ ᠪᠢᠯᠳᠠᠷ ᠰᠠᠶᠢᠲᠠᠢ᠂ ᠨᠣᠣᠰᠣ ᠨᠣᠣᠯᠣᠭᠤᠷ ᠰᠠᠶᠢᠲᠠᠢ᠂ | ᠥᠯᠴᠢᠷ᠂ ᠮᠢᠬ᠎ᠠ ᠨᠢ ᠰᠣᠷᠭᠤᠭ ᠠᠮᠲᠠᠲᠠᠢ᠂ ᠰᠦ ᠨᠢ ᠴᠢᠨᠠᠷ ᠰᠠᠶᠢᠲᠠᠢ ᠰᠢᠮ᠎ᠡ ᠲᠡᠵᠢᠭᠡᠯ ᠡᠯᠪᠡᠭ ᠪᠠᠶᠠᠯᠢᠭ ᠢᠶᠠᠷ ᠢᠶᠠᠨ ᠠᠯᠳᠠᠷᠰᠢᠵᠠᠢ᠃ ᠲᠡᠮᠡᠭᠡ ᠪᠣᠯ ᠠᠯᠠᠱᠠ ᠶᠢᠨ | ᠮᠠᠯᠴᠢᠳ ᠤᠨ ᠠᠮᠢᠳᠤᠷᠠᠯ ᠦᠢᠯᠡᠳᠪᠦᠷᠢᠯᠡᠯ ᠤᠨ ᠴᠢᠬᠤᠯᠠ ᠪᠦᠷᠢᠯᠳᠦᠭᠦᠨ ᠬᠡᠰᠡᠭ ᠪᠠ ᠡᠳ᠋ ᠬᠥᠷᠥᠩᠭᠡ ᠨᠢ ᠮᠥᠨ᠃ ᠲᠡᠮᠡᠭᠡᠨ ᠤ ᠲᠥᠷᠬᠦ ᠪᠠᠶᠢᠳᠠᠯ ᠨᠢ ᠠᠷᠪᠠᠨ | ᠬᠤᠶᠠᠷ ᠵᠢᠯ ᠤᠨ ᠠᠮᠢᠳᠠᠨ ᠤ ᠰᠢᠨᠵᠢ ᠶᠢ ᠬᠠᠳᠠᠭᠠᠯᠠᠵᠤ᠂ ᠮᠠᠯᠴᠢᠳ ᠲᠤ ᠲᠡᠭᠷᠢ ᠶᠢᠨ ᠬᠡᠰᠢᠭ ᠲᠠᠢ ᠠᠮᠢᠳᠠᠨ ᠬᠡᠮᠡᠭᠳᠡᠳᠡᠭ᠃ ᠲᠡᠮᠡᠭᠡ ᠠᠯᠠᠱᠠ ᠶᠢᠨ ᠭᠤᠪᠢ | ᠨᠤᠲᠤᠭ ᠲᠤ ᠮᠠᠰᠢ ᠲᠣᠬᠢᠷᠠᠮᠵᠢᠲᠠᠢ ᠪᠠᠶᠢᠵᠤ᠂ ᠡᠷᠲᠡᠨ ᠠᠴᠠ ᠪᠠᠨ ᠠᠪᠤᠭᠠᠳ ᠴᠢᠬᠤᠯᠠ ᠦᠢᠯᠡᠳᠪᠦᠷᠢᠯᠡᠯ ᠤᠨ ᠬᠦᠴᠦᠨ ᠪᠠᠶᠢᠵᠤ᠂ ᠲᠡᠮᠡᠭᠡᠨ ᠵᠢᠩ ᠢᠶᠠᠷ ᠡᠯ᠎ᠡ | ᠵᠦᠢᠯ ᠤᠨ ᠡᠳ᠋ ᠪᠠᠷᠠᠭ᠎ᠠ ᠶᠢ ᠠᠴᠢᠶᠠᠯᠠᠨ ᠶᠠᠪᠤᠵᠤ᠂ ᠲᠡᠮᠡᠭᠡᠨ ᠵᠢᠩ ᠤᠨ ᠲᠠᠭᠤᠨ ᠬᠠᠮᠤᠭ ᠤᠨ ᠰᠦᠷᠯᠢᠭ ᠰᠠᠶᠢᠬᠠᠨ ᠴᠤᠤᠷᠢᠶᠠᠨ ᠲᠠᠢ᠃ | ᠠᠯᠠᠱᠠ ᠶᠢᠨ ᠬᠤᠣᠰ ᠪᠥᠬᠦᠲᠦ ᠲᠡᠮᠡᠭᠡ ᠪᠣᠯ ᠬᠤᠯᠢᠮᠠᠭ ᠢᠳᠡᠰᠢᠲᠡᠨ ᠪᠠᠶᠢᠵᠤ᠂ ᠭᠤᠪᠢ ᠳᠤ ᠤᠷᠭᠤᠳᠠᠭ ᠵᠠᠭ ᠮᠣᠳᠣ᠂ ᠬᠤᠲᠢᠷ ᠡᠪᠡᠰᠦ ᠵᠡᠷᠭᠡ ᠪᠤᠳᠠ ᠮᠣᠳᠣ | ᠪᠣᠯᠣᠨ ᠰᠢᠷᠠᠯᠵᠢ ᠡᠪᠡᠰᠦ ᠨᠢ ᠪᠦᠷ ᠲᠡᠳᠡᠨ ᠪ᠊ ᠠᠮᠲᠠᠲᠤ ᠢᠳᠡᠭᠡᠨ ᠪᠠᠶᠢᠳᠠᠭ᠃ | ᠲᠤᠰ ᠵᠣᠬᠢᠶᠠᠯ ᠠᠴᠠ ᠪᠢᠳᠡ ᠠᠯᠠᠱᠠ ᠶᠢᠨ ᠬᠤᠣᠰ ᠪᠥᠬᠦᠲᠦ ᠲᠡᠮᠡᠭᠡᠨ ᠤ ᠣᠨᠴᠠᠯᠢᠭ ᠢ ᠮᠡᠳᠡᠵᠤ᠂ ᠲᠡᠮᠡᠭᠡᠨ ᠰᠣᠶᠣᠯ ᠪᠣᠯᠣᠨ ᠲᠡᠮᠡᠭᠡ ᠠᠷᠠᠴᠢᠯᠠᠵᠤ | ᠳᠣᠳᠣᠮᠳᠠᠬᠤ ᠵᠠᠩ ᠦᠢᠯᠡ ᠪᠣᠯᠣᠨ ᠲᠤᠷᠰᠢᠯᠭ᠎ᠠ ᠶᠢ ᠣᠯᠵᠤ ᠬᠠᠷᠠᠨ᠎ᠠ᠃ ᠦᠶ᠎ᠡ ᠤᠯᠠᠮᠵᠢᠯᠠᠭᠰᠠᠨ ᠲᠡᠮᠡᠭᠡᠨ ᠰᠣᠶᠣᠯ ᠭᠦᠨ ᠵᠤᠵᠠᠭᠠᠨ ᠠᠭᠤᠯᠬᠤᠨ ᠲᠠᠢ᠃ | ᠲᠡᠮᠡᠭᠡᠴᠢᠨ ᠪᠣᠯᠣᠨ ᠲᠡᠮᠡᠭᠡ ᠬᠠᠮᠲᠤᠪᠠᠷ ᠲᠦᠰᠢᠯᠴᠡᠨ ᠬᠠᠮᠲᠤᠪᠠᠷ ᠣᠷᠣᠰᠢᠭᠰᠠᠨ ᠨᠢ ᠦᠢᠯᠡᠳᠪᠦᠷᠢᠯᠡᠯ ᠤᠨ ᠬᠠᠷᠢᠴᠠᠭᠠᠨ ᠤ ᠬᠠᠮᠤᠭ ᠤᠨ ᠨᠢᠭᠲᠠ ᠢᠯᠡᠷᠡᠭᠦᠯᠦᠯ ᠮᠥᠨ | ᠃ ᠲᠡᠮᠡᠭᠡᠨ ᠲᠠᠭᠢᠯᠭ᠎ᠠ᠂ ᠲᠡᠮᠡᠭᠡ ᠪᠤᠶᠢᠵᠢᠭᠤᠯᠬᠤ᠂ ᠲᠡᠮᠡᠭᠡ ᠠᠭᠲᠠᠯᠠᠬᠤ᠂ ᠪᠤᠤᠷ᠎ᠠ ᠰᠣᠩᠭᠤᠬᠤ᠂ ᠲᠡᠮᠡᠭᠡᠨ ᠤ ᠪᠠᠭᠠᠵᠢ ᠬᠡᠷᠡᠭᠰᠡᠯ ᠬᠢᠬᠦ ᠵᠡᠷᠭᠡ ᠨᠢ ᠬᠥᠮᠥᠨ ᠪᠠ ᠲᠡᠮᠡᠭᠡ | ᠂ ᠬᠥᠮᠥᠨ ᠪᠠ ᠪᠠᠶᠢᠭᠠᠯᠢ ᠡᠶ᠎ᠡ ᠨᠠᠶᠢᠷᠠᠮᠳᠠᠭᠤ ᠬᠠᠮᠲᠤᠪᠠᠷ ᠣᠷᠣᠰᠢᠭᠰᠠᠨ ᠠᠮᠢ ᠠᠬᠤᠢ ᠶᠢᠨ ᠣᠶᠢᠯᠠᠭᠠᠭᠳᠠᠬᠤᠨ ᠮᠥᠨ᠃ ᠬᠥᠮᠥᠰ ᠬᠤᠷ᠎ᠠ ᠪᠣᠷᠣᠭᠠᠨ ᠲᠡᠭᠰᠢ᠂ | ᠵᠢᠯ ᠤᠨ ᠥᠩᠭᠡ ᠰᠠᠶᠢᠨ ᠪᠠᠶᠢᠬᠤ ᠶᠢ ᠳᠠᠭᠠᠳᠬᠠᠵᠤ᠂ ᠲᠡᠮᠡᠭᠡ ᠢᠮᠠᠭ᠎ᠠ ᠲᠠᠷᠭᠤ ᠰᠠᠶᠢᠲᠠᠢ᠂ ᠠᠮᠢᠳᠤᠷᠠᠯ ᠪᠠᠶᠠᠨ ᠴᠢᠨᠡᠭᠡᠯᠢᠭ ᠵᠣᠯ ᠵᠢᠷᠭᠠᠯᠲᠠᠢ ᠪᠠᠶᠢᠬᠤ ᠶᠢ | ᠬᠦᠰᠡᠳᠡᠭ ᠨᠢ ᠠᠯᠠᠱᠠᠴᠤᠳ ᠤᠨ ᠬᠠᠮᠤᠭ ᠤᠨ ᠪᠣᠷᠣᠭᠵᠢᠭᠤᠨ ᠰᠡᠳᠬᠢᠯᠭᠡ ᠵᠢᠴᠢ ᠬᠠᠮᠤᠭ ᠤᠨ ᠰᠠᠶᠢᠨ ᠰᠠᠶᠢᠬᠠᠨ ᠵᠥᠩᠨᠡᠯ ᠪᠡᠯᠭᠡᠳᠡᠯ ᠢ ᠢᠯᠡᠳᠬᠡᠵᠡᠢ᠃ |