ᠨᠠᠮᠤᠷ ᠤᠨ ᠰᠡᠭᠦᠯᠴᠢ ᠪᠣᠯᠬᠤ ᠳᠤ ᠶᠠᠭ ᠰᠠᠶᠢᠬᠠᠨ ᠣᠶ ᠰᠢᠭᠤᠶ ᠶᠢ ᠬᠠᠷᠠᠬᠤ ᠰᠠᠶᠢᠬᠠᠨ ᠴᠠᠭ ᠪᠠᠶᠢᠵᠤ᠂ ᠲᠣᠰᠣᠨ ᠪᠤᠳᠤᠭ ᠤᠨ ᠵᠢᠷᠤᠭ ᠮᠡᠲᠦ ᠵᠠᠰᠠᠮᠠᠯ ᠵᠠᠮ ᠢᠶᠠᠷ | ᠥᠩᠭᠡᠷᠡᠬᠦ ᠳᠤ᠂ ᠭᠠᠵᠠᠷ ᠪᠣᠯᠭᠠᠨ ᠳᠤ ᠣᠶ ᠰᠢᠭᠤᠶ᠂ ᠭᠠᠵᠠᠷ ᠪᠣᠯᠭᠠᠨ ᠳᠤ ᠭᠤᠶᠣ ᠰᠠᠶᠢᠬᠠᠨ ᠦᠵᠡᠮᠵᠢ ᠪᠠᠶᠢᠳᠠᠭ᠃ ᠣᠢ ᠰᠢᠭᠤᠶ ᠶᠢᠨ ᠳᠣᠲᠣᠷ᠎ᠠ ᠮᠠᠰᠢ ᠨᠠᠮ ᠵᠢᠮ | ᠂ ᠥᠷᠭᠡᠨ ᠪᠤᠶᠤ ᠢᠪᠴᠤᠤ ᠵᠠᠮ ᠢᠶᠠᠷ ᠶᠠᠪᠤᠬᠤ ᠳᠤ ᠵᠥᠭᠡᠯᠡᠨ ᠨᠠᠪᠴᠢᠨ ᠤ ᠳᠡᠭᠡᠷ᠎ᠡ ᠭᠢᠰᠬᠢᠬᠦ ᠳᠠᠭᠤ ᠰᠣᠨᠣᠰᠳᠠᠨ᠎ᠠ᠃ ᠨᠢᠭᠡᠨ ᠵᠡᠷᠭᠡ ᠵᠥᠭᠡᠯᠡᠨ ᠰᠠᠯᠬᠢ ᠰᠠᠯᠬᠢᠯᠠᠨ | ᠥᠩᠭᠡᠷᠡᠬᠦ ᠳᠤ᠂ ᠮᠣᠳᠣᠨ ᠰᠠᠯᠠᠭᠠᠨ ᠳᠡᠭᠡᠷ᠎ᠡ ᠡᠯᠭᠦᠭᠡᠰᠦᠲᠡᠶ ᠬᠤᠪᠠᠭ᠋ᠠᠶ ᠨᠠᠪᠴᠢ ᠨᠤᠭᠤᠳ ᠰᠠᠯᠬᠢᠨ ᠤ ᠠᠶ᠎ᠠ ᠪᠠᠷ ᠤᠨᠠᠵᠤ᠂ ᠨᠠᠮᠤᠷ ᠤᠨ ᠤᠯᠠᠷᠢᠯ ᠤᠨ ᠬᠡᠰᠡᠭ ᠬᠡᠰᠡᠭ | ︽ᠨᠠᠪᠴᠢᠨ ᠤ ᠪᠣᠷᠣᠭᠠᠨ︾ ᠣᠷᠣᠪᠠ᠃ ᠡᠨᠡ ᠤᠯᠠᠷᠢᠯ ᠳᠤ ᠬᠤᠰᠤᠨ ᠮᠣᠳᠣᠨ ᠤ ᠨᠠᠪᠴᠢ ᠰᠠᠯᠬᠢᠨ ᠤ ᠠᠶ᠎ᠠ ᠪᠠᠷ ᠨᠠᠶᠢᠭᠤᠵᠤ᠂ ᠵᠥᠪᠬᠡᠨ ᠴᠠᠭᠠᠨ ᠥᠩᠭᠡᠲᠡᠶ | ᠰᠠᠯᠠᠭ᠎ᠠ ᠨᠠᠮᠠᠭ᠎ᠠ ᠶᠢ ᠯᠠ ᠦᠯᠡᠳᠡᠭᠡᠵᠦ᠂ ᠬᠤᠯᠠ ᠠᠴᠠ ᠬᠠᠷᠠᠭᠰᠠᠨ ᠴᠤ ᠲᠡᠷᠡ᠂ ᠤᠢᠢᠷ᠎ᠠ ᠠᠴᠠ ᠬᠠᠷᠠᠭᠰᠠᠨ ᠴᠤ ᠲᠡᠷᠡ᠂ ᠪᠦᠷ ᠴᠠᠭᠠᠨ ᠥᠩᠭᠡᠲᠡᠶ ᠰᠢᠷ | ᠲᠦᠷᠬᠢᠭᠰᠡᠨ ᠰᠢᠭ ᠪᠥᠭᠡᠳ ᠪᠠᠰᠠ ᠨᠢᠭᠡ ᠳᠠᠪᠬᠤᠷ ᠵᠤᠵᠠᠭᠠᠨ ᠴᠠᠰᠤ ᠪᠦᠷᠬᠦᠭᠰᠡᠨ ᠰᠢᠭ ᠪᠠᠶᠢᠳᠠᠭ᠃ ᠨᠡᠷᠡᠨ ᠤ ᠭᠡᠷᠡᠯ ᠲᠠᠢ ᠦᠶ᠎ᠡ ᠳᠤ᠂ ᠴᠡᠩᠬᠡᠷ ᠬᠥᠬᠡ ᠲᠩᠷᠢ᠂ | ᠵᠥᠭᠡᠯᠡᠨ ᠡᠭᠦᠯᠡ᠂ ᠮᠥᠩᠬᠡ ᠨᠣᠭᠤᠭᠠᠨ ᠨᠠᠷᠠᠰᠤ᠂ ᠠᠯᠲᠠᠨ ᠰᠢᠷᠭᠠᠯ ᠨᠠᠪᠴᠢ ᠨᠢ ᠶᠠᠭ ᠯᠠ ᠬᠥᠷᠪᠡᠭᠦᠯᠦᠭᠰᠡᠨ ᠥᠩᠭᠡ ᠲᠣᠬᠢᠷᠠᠭᠤᠯᠬᠤ ᠬᠠᠪᠲᠠᠰᠤ ᠰᠢᠭ᠋ ᠥᠩᠭᠡ | ᠢᠯᠭᠠᠷᠠᠮ᠎ᠠ ᠮᠥᠷᠲᠡᠭᠡᠨ ᠬᠥᠮᠦᠨ ᠤ ᠰᠡᠳᠬᠢᠯ ᠢ ᠲᠠᠲᠠᠮ᠎ᠠ ᠰᠠᠶᠢᠬᠠᠨ ᠪᠠᠶᠢᠳᠠᠭ ᠶᠤᠮ᠃ | ᠪᠦᠷᠦᠶ ᠶᠢᠨ ᠦᠶ᠎ᠡ ᠪᠠᠷ᠂ ᠨᠠᠷᠠ ᠪᠠᠷᠠᠭᠤᠨᠰᠢ ᠬᠡᠯᠪᠠᠶᠢᠬᠦ ᠶᠢ ᠳᠠᠭᠠᠯᠳᠤᠨ᠂ ᠨᠡᠷᠡᠨ ᠤ ᠬᠡᠷᠡᠯ ᠶᠡᠭᠡ ᠬᠢᠩᠭᠠᠨ ᠳᠠᠪᠠᠭ᠎ᠠ ᠶᠢᠨ ᠥᠷᠥᠴᠡᠨ ᠳᠠᠬᠢ ᠵᠢᠵᠢᠭ ᠬᠤᠲᠠ ᠶᠢ | ᠳᠤᠯᠠᠭᠠᠬᠠᠨ ᠭᠡᠷᠡᠯᠲᠦᠭᠦᠯᠦᠨ᠎ᠡ᠂ ᠡᠬᠡ ᠤᠯᠤᠰ ᠤᠨ ᠡᠯ᠎ᠡ ᠭᠠᠵᠠᠷ ᠠᠴᠠ ᠢᠷᠡᠭᠰᠡᠨ ᠬᠡᠷᠡᠯ ᠵᠢᠷᠤᠭ ᠲᠠᠲᠠᠬᠤ ᠳᠤᠷᠠᠲᠠᠶ ᠬᠥᠮᠦᠰ ᠬᠡᠷᠡᠯ ᠵᠢᠷᠤᠭ ᠤᠨ ᠮᠠᠰᠢᠨ ᠢᠶᠠᠨ | ᠠᠪᠴᠤ᠂ ᠨᠢᠩ ᠼᠦᠢ ᠱᠠᠨ ᠠᠭᠤᠯᠠᠨ ᠤ ᠣᠷᠣᠶ ᠳᠤ ᠡᠷᠲᠡᠬᠡᠨ ᠰᠠᠬᠢᠨ ᠰᠠᠭᠤᠵᠤ᠂ ᠬᠡᠷᠡᠯ ᠵᠢᠷᠤᠭ ᠤᠨ ᠮᠠᠰᠢᠨ ᠢᠶᠠᠷ ᠢᠶᠠᠨ ᠰᠠᠶᠢᠨ ᠰᠠᠶᠢᠬᠠᠨ ᠢ ᠲᠡᠮᠲᠡᠭᠯᠡᠨ᠎ᠡ᠃ | ᠡᠨᠡ ᠬᠦ ᠴᠠᠭ ᠮᠥᠴᠡ ᠳᠤ᠂ ᠪᠦᠬᠦ ᠶᠢᠷᠲᠢᠨᠴᠦ ᠴᠥᠮ ᠳᠤᠯᠠᠭᠠᠨ ᠰᠢᠷ᠎ᠠ ᠬᠦᠷᠡᠩ ᠥᠩᠭᠡᠲᠡᠶ ᠪᠠᠶᠢᠵᠤ᠂ ︽ᠡᠷᠲᠡᠨ ᠠᠴᠠ ᠪᠠᠨ ᠠᠪᠤᠭᠠᠳ ᠨᠠᠮᠤᠷ ᠤᠨ ᠡᠮᠭᠡᠨᠢᠯ | ᠤᠶᠢᠳᠬᠠᠷ︾ ᠤᠨ ᠤᠶᠢᠳᠬᠠᠷ ᠲᠠᠢ ᠠᠳᠠᠯᠢ ᠦᠭᠡᠢ ᠂ ᠭᠡᠳᠡᠷᠭᠦ ᠪᠠᠨ ᠬᠠᠷᠢᠨ ︽ᠬᠠᠭᠤᠴᠢᠨ ᠲᠠᠨᠢᠯ ᠭᠡᠵᠦ ᠰᠡᠵᠢᠭᠯᠡᠬᠦ︾ ᠶᠢᠨ ᠵᠢᠭᠠᠬᠠᠨ ᠬᠦᠰᠡᠯ ᠡᠷᠡᠮᠡᠯᠵᠡᠯ ᠢ | ᠨᠡᠮᠡᠭᠳᠡᠭᠦᠯᠦᠭᠰᠡᠨ ᠪᠠᠶᠢᠨ᠎ᠠ᠃ |