ᠤᠷᠠᠳᠴᠤᠳ ᠤᠨ ᠤᠮᠳᠠᠭᠠᠨ ᠤ ᠵᠦᠢᠯ ᠳᠤ ᠭᠤᠣᠯᠳᠠᠭᠤ ᠴᠠᠢ᠂ ᠠᠷᠢᠬᠢ᠂ ᠴᠡᠭᠡ ᠮᠡᠲᠦ ᠶᠢᠨ ᠵᠦᠢᠯ ᠪᠠᠶᠢᠳᠠᠭ᠃ ᠴᠠᠢ ᠪᠣᠯ ᠬᠠᠮᠤᠭ ᠤᠨ ᠳᠡᠭᠡᠳᠦ ᠪᠠᠶᠢᠷᠢ ᠳᠤ | ᠣᠷᠣᠬᠤ ᠮᠥᠷᠲᠡᠭᠡᠨ ᠥᠷᠯᠥᠭᠡ᠂ ᠦᠳᠡ ᠶᠢᠨ ᠬᠤᠭᠤᠯᠠᠨ ᠳᠤ ᠴᠥᠮ ᠤᠤᠭᠤᠳᠠᠭ ᠭᠤᠣᠯ ᠪᠣᠯᠬᠤ ᠤᠮᠳᠠᠭᠠᠨ ᠤ ᠵᠦᠢᠯ ᠪᠣᠯᠣᠨ᠎ᠠ᠃ ᠤᠷᠠᠳ ᠬᠥᠮᠥᠰ ᠬᠠᠷᠠᠬᠠᠨ | ᠪᠠᠭ᠎ᠠ ᠠᠴᠠ ᠪᠠᠨ ᠴᠠᠢ ᠤᠤᠭᠤᠵᠤ ᠳᠠᠰᠤᠭᠰᠠᠨ ᠪᠣᠯᠬᠤᠷ ᠨᠠᠰᠤ ᠠᠬᠢᠬᠤ ᠶᠢ ᠳᠠᠭᠠᠯᠳᠤᠨ᠂ ᠨᠢᠭᠡ ᠴᠠᠭ ᠤᠨ ᠪᠤᠳᠠᠭ᠎ᠠ ᠬᠤᠭᠤᠯᠠ ᠣᠰᠣᠯᠳᠠᠪᠠᠴᠤ᠂ ᠬᠠᠷᠢᠨ ᠨᠢᠭᠡ | ᠴᠠᠭ ᠤᠨ ᠴᠠᠢ ᠣᠰᠣᠯᠳᠠᠵᠤ ᠪᠣᠯᠳᠠᠭ ᠦᠭᠡᠢ᠃ ᠴᠠᠢ ᠶᠢᠨ ᠵᠦᠢᠯ ᠳᠤ ᠬᠠᠷ᠎ᠠ ᠴᠠᠢ᠂ ᠰᠦ ᠲᠠᠢ ᠴᠠᠢ᠂ ᠪᠤᠳᠠᠭ᠎ᠠ ᠣᠷᠬᠢᠭᠰᠠᠨ ᠴᠠᠢ᠂ ᠵᠤᠲᠠᠩ ᠴᠠᠢ ᠭᠡᠬᠦ ᠮᠡᠲᠦ | ᠣᠯᠠᠨ ᠵᠦᠢᠯ ᠪᠠᠶᠢᠳᠠᠭ᠃ ᠬᠠᠷ᠎ᠠ ᠴᠠᠢ ᠬᠡᠪ ᠤᠨ ᠴᠠᠢ ᠪᠠᠨ ᠪᠠᠯᠪᠠᠯᠤᠨ ᠳᠠᠪᠤᠰᠤ ᠬᠢᠵᠦ ᠴᠢᠨᠠᠭᠰᠠᠨ ᠢ ᠬᠠᠷ᠎ᠠ ᠴᠠᠢ ᠭᠡᠳᠡᠭ᠃ ᠰᠦ ᠲᠠᠢ ᠴᠠᠢ ᠴᠢᠨᠠᠵᠤ ᠪᠤᠴᠠᠯᠭᠠᠭᠰᠠᠨ | ᠴᠠᠢ ᠪᠠᠨ ᠰᠠᠭᠠᠮᠠᠯ ᠰᠥ ᠪᠤᠶᠤ ᠬᠠᠮᠤᠭᠰᠠᠨ ᠥᠷᠥᠮ᠎ᠡ ᠪᠠᠷ ᠨᠡᠶᠢᠯᠡᠭᠦᠯᠦᠭᠰᠡᠨ ᠢ ᠰᠥ ᠲᠠᠢ ᠴᠠᠢ ᠭᠡᠨ᠎ᠡ᠃ ᠥᠷᠥᠮ᠎ᠡ ᠪᠠᠷ ᠨᠡᠶᠢᠯᠡᠭᠦᠯᠦᠭᠰᠡᠨ ᠴᠠᠢ ᠪᠣᠯ ᠲᠤᠩ ᠰᠠᠶᠢᠬᠠᠨ | ᠠᠮᠲᠠᠲᠠᠢ ᠪᠠᠶᠢᠳᠠᠭ᠃ ᠪᠤᠳᠠᠭ᠎ᠠ ᠣᠷᠬᠢᠭᠰᠠᠨ ᠴᠠᠢ ᠴᠠᠢ ᠪᠠᠨ ᠴᠢᠨᠠᠵᠤ ᠪᠤᠴᠠᠯᠭᠠᠭᠰᠠᠨ ᠤ ᠳᠠᠷᠠᠭ᠎ᠠ ᠰᠢᠭᠠᠷᠤ ᠶᠢ ᠨᠢ ᠱᠦᠭᠦᠵᠦ ᠠᠪᠤᠭᠠᠳ ᠳᠠᠬᠢᠵᠤ ᠬᠤᠨᠤᠭ ᠪᠤᠳᠠᠭ᠎ᠠ | ᠪᠤᠶᠤ ᠲᠤᠲᠤᠷᠭ᠎ᠠ ᠪᠤᠳᠠᠭ᠎ᠠ ᠬᠢᠵᠦ ᠴᠢᠨᠠᠵᠤ ᠤᠤᠭᠤᠬᠤ ᠶᠢ ᠵᠢᠭᠠᠵᠤ ᠪᠣᠢ᠃ ᠵᠤᠲᠠᠩ ᠴᠠᠢ ᠤᠷᠢᠳ ᠢᠶᠠᠷ ᠳᠤᠮᠳᠠᠭᠤᠷ ᠱᠠᠭᠠᠵᠠᠩ ᠭᠤᠯᠢᠷ ᠢᠶᠠᠨ ᠲᠣᠭᠤᠭᠠᠨ ᠳᠤ | ᠬᠢᠵᠦ ᠬᠠᠭᠤᠷᠤᠨ᠎ᠠ᠃ ᠳᠠᠷᠠᠭ᠎ᠠ ᠨᠢ ᠴᠢᠨᠠᠭᠰᠠᠨ ᠴᠠᠢ ᠪᠠᠨ ᠰᠢᠭᠠᠷᠤ ᠶᠢ ᠨᠢ ᠱᠦᠭᠦᠵᠦ ᠠᠪᠤᠭᠠᠳ ᠬᠠᠭᠤᠷᠣᠭᠰᠠᠨ ᠭᠤᠯᠢᠷ ᠳᠡᠭᠡᠷ᠎ᠡ ᠪᠠᠨ ᠬᠢᠵᠦ ᠪᠤᠴᠠᠯᠭᠠᠭᠠᠳ | ᠤᠤᠭᠤᠳᠠᠭ᠃ ᠬᠢᠷᠠᠮ᠎ᠠ ᠵᠠᠷᠢᠮ ᠬᠥᠮᠥᠨ ᠴᠠᠢ ᠤᠤᠭᠤᠭᠠᠳ ᠲᠣᠬᠢᠷᠠᠬᠤ ᠦᠭᠡᠢ ᠦᠶ᠎ᠡ ᠳᠤ ᠤᠰᠤ ᠪᠠᠨ ᠪᠤᠴᠠᠯᠭᠠᠵᠤ᠂ ᠳᠡᠭᠡᠷ᠎ᠡ ᠨᠢ ᠰᠥ ᠬᠢᠵᠦ ᠨᠠᠶᠢᠷᠠᠭᠤᠯᠳᠠᠭ᠂ | ᠡᠭᠦᠨ ᠢ ᠬᠢᠷᠠᠮ᠎ᠠ ᠭᠡᠳᠡᠭ᠃ ᠨᠡᠷᠡᠮᠡᠯ ᠴᠠᠢ ᠳᠡᠪᠦᠷ᠎ᠡ ᠳᠣᠲᠣᠷ᠎ᠠ ᠪᠠᠨ ᠴᠠᠢ᠂ ᠳᠠᠪᠤᠰᠤ ᠪᠠᠨ ᠲᠣᠬᠢᠷᠠᠭᠤᠯᠤᠨ ᠬᠢᠭᠰᠡᠨ ᠤ ᠳᠠᠷᠠᠭ᠎ᠠ ᠪᠤᠴᠠᠯᠤᠭᠰᠠᠨ ᠤᠰᠤ ᠪᠠᠨ | ᠳᠡᠪᠦᠷ᠎ᠡ ᠳᠤ ᠪᠠᠨ ᠬᠢᠵᠦ ᠨᠡᠷᠡᠬᠦ ᠶᠢ ᠵᠢᠭᠠᠵᠤ ᠪᠣᠢ᠃ ᠤᠮᠳᠠ ᠦᠬᠡᠷ᠂ ᠬᠤᠨᠢᠨ ᠤ ᠪᠣᠷᠴᠠ ᠶᠢ ᠲᠠᠯᠬᠠᠯᠠᠵᠤ᠂ ᠳᠡᠭᠡᠷ᠎ᠡ ᠨᠢ ᠪᠠᠭ᠎ᠠ ᠲᠦᠭᠦᠬᠡᠢ ᠪᠤᠳᠠᠭ᠎ᠠ ᠪᠤᠶᠤ | ᠲᠤᠲᠤᠷᠭ᠎ᠠ ᠪᠤᠳᠠᠭ᠎ᠠ ᠣᠷᠬᠢᠵᠤ᠂ ᠪᠤᠴᠠᠯᠭᠠᠭᠰᠠᠨ ᠴᠠᠢ ᠪᠠᠨ ᠰᠢᠭᠠᠷᠤ ᠶᠢ ᠨᠢ ᠲᠤᠩᠭᠠᠵᠦ ᠬᠢᠭᠡᠳ ᠪᠤᠴᠠᠯᠭᠠᠨ᠎ᠠ᠃ ᠤᠮᠳᠠ ᠪᠣᠯ ᠬᠤᠭᠤᠯᠠ ᠪᠤᠳᠠᠭ᠎ᠠ ᠶᠢ ᠣᠷᠣᠯᠠᠵᠤ | ᠴᠢᠳᠠᠨ᠎ᠠ᠃ |