ᠠᠯᠤᠰ ᠢ ᠬᠠᠷᠠᠭᠠᠳ ᠰᠠᠭᠤᠵᠤ ᠪᠠᠶᠢᠬᠤ ᠳᠤ ᠠᠷᠪᠢᠨ ᠶᠠᠭᠤᠮ᠎ᠠ ᠭᠠᠳᠠᠭᠤᠷ ᠥᠩᠭᠡᠷᠡᠨ᠎ᠡ᠃ | ᠠᠨᠢᠷ ᠦᠭᠡᠢ ᠬᠤᠯᠠ ᠶᠢᠨ ᠵᠦᠰᠡ ᠴᠡᠩᠬᠡᠷᠯᠡᠭᠡᠳ᠂ ᠠᠯᠳᠠᠷᠠᠨ ᠲᠤᠨᠤᠷᠠᠨ ᠵᠠᠬ᠎ᠠ ᠠᠴᠠ ᠪᠠᠨ ᠰᠡᠮᠡᠰᠡᠷᠡᠵᠦ᠂ ᠠᠭᠠᠭᠵᠢᠵᠤ ᠠᠮᠵᠢᠬᠤ ᠶᠢᠨ ᠴᠠᠭ ᠬᠤᠭᠤᠴᠠᠭ᠎ᠠ | ᠵᠢᠭᠠᠬᠠᠨ ᠴᠤ ᠪᠠᠶᠢᠬᠤ ᠦᠭᠡᠢ ᠲᠡᠷᠲᠡᠭᠡ ᠭᠢᠯᠠᠰᠤᠨ ᠱᠤᠬᠰᠢᠭᠤᠷᠠᠨᠠ᠃ ᠠᠷᠪᠠᠨ ᠵᠦᠭ ᠤᠨ ᠬᠢ ᠨᠢ ᠵᠣᠪᠬᠢᠰ ᠪᠦᠭᠦᠨ ᠳᠤᠭᠤᠶᠢᠷᠠᠨ ᠳᠠᠭᠤᠷᠢᠰᠴᠤ᠂ ᠨᠠᠷᠠ ᠨᠢ | ᠬᠤᠶᠢᠮᠤᠷ ᠢᠶᠠᠨ ᠲᠥᠪᠯᠡᠨ ᠲᠤᠶᠠᠭᠠᠳᠤᠵᠤ᠂ ᠬᠥᠪᠴᠢ ᠬᠠᠩᠭᠠᠢ᠂ ᠬᠦᠷᠡᠩ ᠭᠤᠪᠢ ᠨᠢ ᠬᠥᠭᠯᠡᠭᠡᠷ ᠴᠠᠭᠠᠨ ᠲᠠᠷᠠᠰᠤᠨ ᠨᠠᠮᠠᠭ᠎ᠠ ᠳᠡᠭᠡᠭᠦᠷ ᠢᠶᠠᠨ ᠲᠤᠭᠤᠴᠠᠯᠠᠨ | ᠭᠦᠶᠦᠯᠳᠦᠵᠦ᠂ ᠤᠬᠠᠭᠠᠨ ᠰᠠᠨᠠᠭᠠᠨ ᠳᠤ ᠣᠷᠣᠮ᠎ᠠ ᠦᠭᠡᠢ ᠤᠴᠠᠷᠠᠯ ᠤᠨ ᠨᠢᠭᠡᠨ ᠰᠠᠶᠢᠬᠠᠨ ᠨᠠᠮᠤᠷ ᠢ ᠤᠷᠵᠢ ᠶᠢᠨ ᠤᠷᠵᠢ ᠶᠢᠨ ᠴᠠᠭᠠᠲᠤ ᠵᠢᠯ ᠠᠴᠠ ᠠᠪᠴᠢᠷᠠᠵᠤ | ᠥᠭᠬᠦ ᠰᠢᠭ ᠦᠦᠭᠡ ᠲᠡᠤᠭᠡᠯᠢᠭ ᠮᠥᠷᠲᠡᠭᠡᠨ ᠤᠴᠢᠷ ᠨᠢᠭᠤᠴᠠᠯᠢᠭ ᠮᠢᠩᠭᠠᠨ ᠳᠤᠷᠠᠰᠤᠮᠵᠢ ᠲᠠᠢ᠂ ᠮᠥᠷᠥᠭᠡᠳᠦᠯ ᠤᠨ ᠨᠢᠭᠡ ᠶᠠᠭᠤᠮ᠎ᠠ ᠶᠢ ᠣᠷᠣᠨ ᠭᠠᠷᠤᠨ | ᠦᠭᠡᠶᠢᠯᠡᠭᠦᠯᠵᠦ᠂ ᠤᠯᠠᠷᠢᠬᠤ ᠬᠤᠨᠤᠭ ᠤᠨ ᠤᠳᠤᠭ᠎ᠠ ᠰᠤᠭᠤᠨᠠᠭ ᠪᠠᠷ᠎ᠠ᠂ ᠤᠢ ᠰᠠᠨᠠᠮᠵᠢ ᠪᠦᠭᠦᠨ ᠢ ᠮᠢᠨᠢ ᠰᠡᠷᠭᠦᠭᠡᠵᠦ ᠪᠠᠰᠠ ᠳᠡᠩᠳᠡᠭᠦᠦ ᠤᠳᠠᠭᠠᠨ | ᠲᠥᠭᠡᠷᠢᠭᠳᠡᠭᠦᠯᠦᠨ ᠤᠨᠢᠶᠠᠷ ᠵᠦᠰᠡ ᠬᠠᠶᠠᠯᠠᠨ ᠴᠡᠩᠬᠡᠷᠯᠡᠨ᠎ᠡ᠃ | ᠤᠷᠢᠳᠤ ᠶᠢᠨ ᠶᠠᠭᠤᠮ᠎ᠠ ᠤᠷᠢᠳᠤ ᠠᠴᠠ ᠪᠠᠨ ᠭᠡᠳᠡᠭ ᠨᠢ ᠡᠨᠡ ᠪᠣᠯᠵᠤ ᠪᠠᠶᠢᠨ᠎ᠠ ᠤᠤ ᠳ᠋ᠠ︕ | ᠡᠶᠢᠮᠦ ᠯᠡ ᠨᠢᠭᠡᠨ ᠮᠥᠴᠡ ᠳᠤ ᠢᠨᠢᠶᠡᠳᠦ ᠲᠠᠭᠤ ᠴᠠᠯᠭᠢᠭᠤᠯᠤᠭᠰᠠᠨ ᠠᠶᠢᠯ ᠤᠨ ᠮᠢᠨᠢ ᠵᠢᠭᠠᠬᠠᠨ ᠪᠦᠰᠡᠭᠦᠢ᠄ ︽ᠠᠬ᠎ᠠ ᠲᠠ ᠮᠠᠨᠠᠶᠢᠬᠢ ᠪᠠᠷ ᠨᠢᠭᠡ ᠣᠷᠣᠵᠤ | ᠭᠠᠷᠴᠤ ᠪᠠᠢ ᠳ᠋ᠠ︕ ᠳᠡᠭᠦᠦ ᠴᠢᠨᠢ ᠭᠠᠷᠤᠭᠠᠳ ᠶᠠᠪᠤᠪᠠᠯ ᠲᠣᠯᠣᠭᠠᠢ ᠡᠷᠭᠢᠨ᠎ᠡ ᠭᠡᠳᠡᠭ ᠢ ᠮᠡᠳᠡᠳᠡᠭ ᠦᠭᠡᠢ᠂ ᠭᠡᠷ ᠢᠶᠠᠨ ᠮᠠᠷᠲᠠᠭᠰᠠᠨ ᠭᠡᠰᠡᠷ ᠶᠤᠮ ᠰᠢᠭ᠋ ᠡᠯᠳᠡᠪ ᠤᠨ | ᠵᠠᠩ ᠲᠠᠢ ᠬᠥᠮᠥᠨ ᠰᠢᠤ︕ ᠡᠨᠡ ᠨᠠᠮᠤᠷ ᠶᠠᠭᠠᠬᠢᠭᠰᠠᠨ ᠤᠷᠳᠤ ᠨᠠᠮᠤᠷ ᠪᠤᠯᠬᠤ ᠨᠢ ᠪᠤᠢ︖︾ ᠭᠡᠵᠦ ᠮᠥᠨ ᠲᠡᠷᠡ ᠬᠦ ᠤᠢ ᠰᠠᠨᠠᠮᠵᠢ ᠶᠢ ᠮᠢᠨᠢ ᠳᠡᠩᠳᠡᠭᠦᠦ | ᠤᠳᠠᠭᠠᠨ ᠲᠥᠭᠡᠷᠢᠭᠳᠡᠭᠦᠯᠦᠭᠰᠡᠨ ᠬᠢᠵᠠᠭᠠᠷ ᠠᠯᠤᠰ ᠢ ᠬᠠᠷᠠᠩᠬᠠᠨ ᠬᠡᠯᠡᠭᠰᠡᠨ ᠦᠭᠡ ᠨᠢ᠂ ᠠᠭᠠᠷᠴᠠᠨ ᠬᠤᠷᠤᠳ ᠲᠠᠪᠠᠭᠯᠠᠵᠤ᠂ ᠠᠶᠠᠭ᠎ᠠ ᠱᠠᠭᠠᠵᠠᠩ ᠬᠠᠷᠭᠤᠯᠳᠤᠬᠤ | ᠪᠦᠷᠢ ᠰᠡᠳᠬᠢᠯ ᠳᠤ ᠬᠠᠷᠰᠢᠨ ᠬᠠᠩᠭᠢᠨᠠᠯᠳᠤᠨᠠ᠃ | ᠲᠡᠶᠢᠮᠦ ᠰᠠᠶᠢᠬᠠᠨ ᠰᠡᠳᠬᠢᠯ ᠲᠠᠢ ᠪᠦᠰᠡᠭᠦᠢ ᠬᠥᠮᠥᠨ ᠤ ᠤᠷᠮ᠎ᠠ ᠶᠢ ᠪᠠᠭ᠎ᠠ ᠴᠤ ᠭᠡᠰᠡᠨ ᠬᠥᠭᠵᠢᠭᠡᠵᠦ ᠭᠠᠭᠴᠠ ᠮᠥᠴᠡ ᠴᠤ ᠶᠠᠷᠢᠵᠤ ᠰᠠᠭᠤᠬᠤ ᠪᠠᠨ ᠶᠠᠭᠠᠬᠢᠯ᠎ᠠ | ᠪᠢ ᠭᠡᠵᠦ ᠭᠠᠭᠴᠠᠭᠠᠷ ᠪᠠᠶᠢᠬᠤ ᠳᠠᠭᠠᠨ ᠲᠡᠷᠡ ᠪᠦᠭᠦᠨ ᠢ ᠡᠷᠭᠢᠴᠡᠭᠦᠯᠦᠨ ᠬᠠᠷᠠᠮᠰᠠᠨ ᠮᠡᠳᠡᠷᠡᠨ᠎ᠡ᠃ ᠢᠯᠳᠠᠮᠬᠠᠨ ᠰᠠᠶᠢᠬᠠᠨ ᠨᠢᠭᠡᠨ ᠪᠦᠰᠡᠭᠦᠢ ᠬᠥᠮᠥᠨ ᠤ ᠭᠠᠵᠠᠷ᠂ | ᠬᠥᠮᠥᠨ ᠤ ᠬᠥᠮᠥᠨ ᠪᠣᠯᠣᠭᠠᠳ ᠡᠵᠡᠭᠦᠢ ᠭᠠᠭᠴᠠᠭᠠᠷ᠂ ᠬᠥᠮᠥᠨ ᠬᠦᠰᠡᠵᠦ ᠰᠠᠭᠤᠨ᠎ᠠ ᠭᠡᠳᠡᠭ ᠮᠢᠩᠭᠠᠨ ᠨᠠᠮᠤᠷ ᠤᠨ ᠤᠷᠳᠤ ᠨᠢᠭᠡ ᠡᠳᠦᠷ ᠢᠷᠡᠵᠤ ᠪᠠᠶᠢᠵᠤ ᠳ᠋ᠠ | ᠬᠥᠭᠡᠷᠦᠬᠦᠢ︕ | ᠠᠯᠤᠰ ᠢ ᠬᠠᠷᠠᠭᠠᠳ ᠰᠠᠭᠤᠵᠤ ᠪᠠᠶᠢᠬᠤ ᠳᠤ ᠠᠷᠪᠢᠨ ᠶᠠᠭᠤᠮ᠎ᠠ ᠭᠠᠳᠠᠭᠤᠷ ᠥᠩᠭᠡᠷᠡᠨ᠎ᠡ᠃ | ᠠᠯᠠᠭ ᠴᠣᠬᠤᠷ ᠡᠭᠦᠯᠡᠨ ᠰᠡᠭᠦᠳᠡᠷ ᠭᠠᠵᠠᠷ ᠢᠶᠠᠷ ᠨᠢᠭᠡ ᠨᠡᠬᠡᠯᠴᠡᠨ ᠬᠥᠭᠡᠭᠡᠴᠡᠯᠳᠦᠵᠦ᠂ ᠠᠷᠤ ᠳᠤᠨᠢ ᠬᠤᠴᠣᠷᠤᠭᠰᠠᠨ ᠲᠣᠯᠣᠭᠠᠳ ᠳᠡᠭᠡᠭᠦᠷ ᠬᠡᠰᠡᠭᠬᠡᠨ ᠪᠣᠷᠤᠭ᠎ᠠ | ᠬᠥᠰᠢᠭᠡᠯᠡᠨ ᠴᠠᠶᠢᠷᠠᠵᠤ ᠢᠷᠡᠭᠰᠡᠨ ᠢᠶᠠᠨ ᠠᠯᠳᠠᠨ ᠭᠢᠯᠭᠠᠨ᠎ᠠ ᠶᠢᠨ ᠦᠵᠦᠭᠦᠷ ᠲᠤ ᠲᠤᠩ ᠰᠣᠷᠭᠤᠭ ᠴᠢᠭᠢᠭ ᠤᠨ ᠦᠨᠦᠷ ᠰᠡᠩᠭᠢᠨᠡᠭᠦᠯᠬᠦ ᠶᠢᠨ ᠬᠢᠷᠢ ᠳᠤ ᠠᠯᠠᠭ | ᠲᠠᠭᠤ ᠶᠢᠨ ᠰᠦᠷᠦᠭ ᠠᠭᠠᠷ ᠲᠡᠭᠷᠢ ᠳᠤ ᠰᠡᠮᠡᠷᠡᠭᠰᠡᠨ ᠲᠤᠭ ᠰᠢᠭ᠋ ᠰᠡᠷᠪᠡᠯᠵᠡᠨ ᠨᠢᠰᠴᠦ᠂ ᠨᠠᠮᠤᠷᠵᠢᠶ᠎ᠠ ᠡᠷᠭᠢᠨ ᠲᠣᠭᠤᠷᠢᠨ ᠠᠴᠠ ᠪᠠᠨ ᠬᠠᠩᠭᠠᠶᠢᠷᠠᠨ ᠰᠡᠶᠢᠭᠡᠵᠦ᠂ | ᠡᠩᠭᠡᠷ ᠬᠤᠷᠮᠣᠢ ᠠᠴᠠ ᠰᠡᠷᠴᠢᠭᠢᠨᠡᠨᠡ᠃ | ᠠᠪᠤ ᠶᠢᠨ ᠦᠭᠡᠶᠢᠯᠡᠳᠡᠭ ᠬᠡᠳᠦᠨ ᠠᠳᠤᠭᠤ ᠠᠨᠢᠪᠴᠢᠬᠤ ᠬᠤᠯᠠ ᠶᠢᠨ ᠮᠢᠷᠠᠯᠵᠠᠭᠠᠨ ᠢᠶᠠᠷ ᠦᠷᠭᠦᠵᠦ ᠨᠠᠳᠬᠤᠨ᠂ ᠤᠰᠤ ᠤᠷᠤᠭᠤ ᠣᠷᠣᠵᠤ ᠢᠷᠡᠬᠦ ᠰᠢᠭ | ᠪᠣᠯᠤᠭᠰᠠᠨ ᠢᠶᠠᠨ ᠠᠶᠠᠷᠬᠠᠨ ᠣᠷᠤᠭ᠎ᠠ ᠬᠡᠭᠡᠷ᠎ᠡ ᠶᠢᠨ ᠵᠡᠭᠦᠳᠦ ᠪᠣᠯᠣᠨ ᠵᠠᠮᠬᠠᠷᠠᠨ᠎ᠠ᠃ | ᠠᠷᠤ ᠭᠠᠵᠠᠷ ᠤᠨ ᠥᠭᠰᠥᠭᠦᠷ ᠳᠠᠪᠠᠭ᠎ᠠ ᠪᠠᠷᠲᠠᠭᠠᠨ ᠳᠡᠭᠡᠭᠦᠷ ᠢᠶᠠᠨ ᠠᠮᠢ ᠠᠮᠢᠳᠤᠷᠠᠯ᠂ ᠠᠳᠠᠯ ᠦᠢᠯᠡᠰ ᠬᠡᠮᠡᠨ ᠠᠮᠢᠰᠬᠤᠯ ᠮᠡᠩᠳᠡᠭᠦᠷᠡᠨ ᠴᠦᠷᠭᠦᠯᠳᠤᠭ᠍ᠰᠡᠨ | ᠬᠥᠰᠬᠡ ᠤᠨᠤᠭ᠎ᠠ ᠬᠥᠬᠡᠮᠳᠦᠭ ᠬᠤᠯᠠ ᠶᠢᠨ ᠠᠶᠠᠨᠴᠢ ᠰᠡᠳᠬᠢᠯᠭᠡ ᠪᠠᠨ ᠲᠠᠭᠠᠵᠤ᠂ ᠨᠠᠮᠤᠷ ᠨᠠᠮᠤᠷ ᠬᠥᠮᠥᠨ ᠤ ᠨᠤᠲᠤᠭ ᠠᠴᠠ ᠬᠦᠷᠬᠦ ᠠᠯᠤᠰ ᠤᠨ ᠦᠷᠳᠡᠭᠡ ᠪᠠᠭᠤᠷᠢ | ᠤᠷᠤᠭᠤ ᠪᠠᠨ ᠰᠡᠭᠦᠯᠴᠢ ᠶᠢᠨ ᠰᠢᠪᠠᠭᠤᠳ ᠤᠨ ᠵᠡᠯ᠎ᠡ ᠲᠠᠢ ᠰᠦᠮᠡᠶᠢᠨ ᠰᠦᠮᠡᠶᠢᠨ ᠤᠳᠤᠨ᠎ᠠ᠃ ᠪᠦᠭᠦ ᠶᠠᠭᠤᠮ᠎ᠠ ᠶᠠᠪᠤᠵᠤ ᠤᠳᠤᠭᠠᠳ᠂ ᠪᠦᠭᠦ ᠮᠥᠷᠥᠭᠡᠳᠦᠯ | ᠮᠥᠷᠥᠭᠡᠳᠴᠦ ᠭᠦᠢᠴᠡᠭᠡᠳ᠂ ᠪᠦᠭᠦ ᠶᠠᠭᠤᠮ᠎ᠠ ᠬᠤᠭᠤᠰᠤᠷᠠᠭᠰᠠᠨ ᠶᠤᠮ ᠰᠢᠭ᠋ ᠪᠤᠳᠤᠬᠳᠠᠬᠤ ᠲᠡᠷᠡ ᠬᠤᠷᠣᠮ᠂ ᠠᠶᠢᠯ ᠤᠨ ᠵᠢᠭᠠᠬᠠᠨ ᠪᠦᠰᠡᠭᠦᠢ᠂ ᠠᠶᠢᠯ | ᠠᠶᠢᠮᠠᠭ ᠤᠨ ᠬᠢᠨ ᠲᠡᠭᠡᠨ ᠬᠡᠷᠬᠢᠨ ᠠᠵᠤ ᠲᠦᠷᠤᠵᠤ ᠶᠠᠪᠤᠭ᠎ᠠ ᠶᠤᠮ ᠪᠣᠯ ᠠ᠋ ᠭᠡᠵᠦ ᠪᠠᠰᠠ ᠢᠯᠡᠭᠦᠴᠢ ᠰᠠᠨᠠᠭ᠎ᠠ ᠪᠤᠳᠤᠯ ᠬᠤᠯᠠ ᠶᠢᠨ ᠬᠤᠯᠠ ᠳᠤ ᠰᠠᠪᠠᠭ᠎ᠠ | ᠦᠭᠡᠶᠢᠳᠡᠨ ᠠᠯᠭᠠᠰᠠᠨᠠ᠃ ᠶᠡᠷᠦ ᠨᠢ ᠪᠢᠳᠡᠨ ᠲᠠᠢ ᠶᠠᠭ ᠵᠡᠷᠭᠡᠴᠡᠭᠡ ᠬᠠᠵᠠᠭᠤᠳᠠᠬᠠᠨ ᠣᠷᠣᠰᠢᠬᠤ ᠶᠢᠷᠲᠢᠨᠴᠦ ᠪᠣᠯ ᠪᠠᠶᠢᠬᠤ ᠶᠤᠮ ᠪᠠᠶᠢᠨ᠎ᠠ ᠭᠡᠵᠦ ᠪᠢ ᠬᠤᠪᠢᠨ ᠳᠠᠭᠠᠨ | ᠲᠥᠰᠥᠭᠡᠯᠡᠵᠦ ᠪᠤᠳᠤᠳᠠᠭ᠃ ᠵᠠᠷᠢᠮ ᠨᠢᠭᠡ ᠲᠠᠨᠢᠬᠤ ᠦᠭᠡᠢ ᠭᠠᠵᠠᠷ ᠭᠦᠷᠤᠭ᠍ᠰᠡᠨ ᠴᠤ ᠪᠢ ᠠᠯᠢ ᠡᠷᠲᠡ ᠬᠡᠨ ᠨᠢᠭᠡᠨ ᠪᠠᠭᠠᠲᠤᠷ ᠢᠳᠡᠲᠡᠨ ᠲᠠᠢ ᠬᠠᠮᠲᠤ ᠢᠷᠡᠵᠤ | ᠥᠩᠭᠡᠷᠡᠭᠰᠡᠨ ᠪᠤᠶᠤ ᠶᠠᠮᠠᠷ ᠨᠢᠭᠡ ᠶᠡᠭᠡ ᠦᠢᠯᠡᠰ ᠤᠨ ᠲᠥᠯᠥᠭᠡ ᠵᠢᠳᠬᠦᠵᠦ ᠶᠠᠪᠤᠭᠠᠳ᠂ ᠳᠡᠩᠳᠡᠭᠦᠦ ᠤᠯᠠᠨ ᠵᠢᠯ ᠤᠨ ᠬᠢᠨᠢ ᠲᠠᠷᠠᠭ᠎ᠠ ᠰᠠᠶ᠋ᠢ ᠨᠢᠭᠡ ᠡᠷᠭᠢᠨ ᠢᠷᠡᠵᠤ | ᠪᠠᠶᠢᠬᠤ ᠰᠢᠭ᠋ ᠲᠡᠶᠢᠮᠤ ᠲᠥᠷᠥᠭᠳᠡᠯ ᠣᠷᠣᠳᠠᠭ᠃ ᠲᠡᠨᠳᠡᠬᠢ ᠬᠠᠳᠠ ᠴᠢᠯᠠᠭᠤ᠂ ᠠᠭᠤᠯᠠ ᠨᠢᠷᠤᠭᠤᠳ᠂ ᠤᠰᠤ ᠭᠤᠣᠯ ᠪᠦᠭᠦᠨ ᠢ ᠬᠠᠷᠠᠭᠠᠳ ᠪᠠᠶᠢᠬᠤ ᠳᠤ ᠲᠡᠶᠢᠮᠤ | ᠲᠠᠨᠢᠯ ᠲᠠᠰᠤᠯᠬᠠᠨ︕ | ᠲᠡᠶᠢᠮᠤ ᠠ᠋︕ ᠡᠨᠡ ᠳᠡᠩᠳᠡᠭᠦᠦ ᠠᠭᠤᠵᠢᠭᠤ ᠰᠠᠶᠢᠬᠠᠨ ᠲᠠᠯ᠎ᠠ ᠬᠥᠨᠳᠡᠢ ᠳᠤ ᠤᠷᠳᠤ ᠶᠢᠨ ᠳᠠᠭᠤᠤ ᠳᠠᠭᠤᠷᠢᠰᠤᠨ ᠴᠡᠩᠬᠡᠷᠳᠡᠵᠦ᠂ ᠮᠣᠷᠢᠲᠠᠢ ᠬᠥᠮᠥᠨ᠂ | ᠳᠥᠷᠥᠭᠡᠨ ᠳᠡᠭᠡᠷ᠎ᠡ ᠪᠠᠨ ᠥᠨᠳᠡᠶᠢᠨ ᠰᠢᠷᠦᠭᠦᠨ ᠲᠡᠷᠭᠢᠭᠤᠯᠬᠤ ᠳᠤ ᠭᠦᠯᠦᠭ ᠤᠨ ᠲᠤᠭᠤᠷᠠᠢ ᠳᠤ ᠴᠠᠬᠢᠬᠤ ᠬᠠᠳᠠ ᠴᠢᠯᠠᠭᠤᠨ ᠠᠴᠠ ᠡᠬᠢᠯᠡᠨ᠂ ᠡᠪᠡᠰᠦ ᠪᠡᠯᠴᠢᠭᠡᠷ ᠤᠨ | ᠬᠢᠨᠢ ᠦᠵᠦᠭᠦᠷ ᠨᠠᠮᠠᠭᠠᠨ ᠠᠴᠠ ᠪᠠᠨ ᠢᠰᠭᠡᠷᠤᠩᠭᠡᠨ᠂ ᠬᠢᠵᠠᠭᠠᠷ ᠠᠯᠤᠰ ᠠᠴᠠ ᠪᠠᠨ ᠬᠠᠩᠭᠢᠷ ᠴᠢᠩᠭᠢᠷ ᠠᠨᠢᠷᠯᠠᠨ ᠪᠠᠶᠢᠳᠠᠭ᠃ ᠰᠠᠨᠠᠭᠠᠨ ᠤ ᠯᠡ ᠨᠢᠭᠡ ᠠᠶᠠᠰ ᠪᠢᠰᠢ᠂ | ᠦᠬᠦᠰᠢ ᠦᠭᠡᠢ ᠤᠷᠤᠭ ᠪᠤᠭᠤᠷᠤᠯ ᠬᠡᠭᠡᠷ᠎ᠡ ᠲᠠᠯ᠎ᠠ ᠶᠢᠨ ᠰᠦᠭ ᠰᠦᠨᠡᠰᠦ ᠵᠡᠷᠭᠡᠯᠭᠡ ᠲᠣᠭᠠᠯᠠᠨ ᠭᠦᠶᠦᠵᠦ ᠶᠠᠪᠤᠬᠤ ᠨᠢ ᠲᠡᠷᠡ ᠪᠤᠶᠤ᠃ ᠳᠠᠭᠤᠤ ᠡᠬᠢᠯᠡᠭᠡᠳ | ᠳᠠᠭᠤᠯᠠᠭᠰᠠᠨ ᠲᠠᠯ᠎ᠠ ᠭᠡᠵᠦ ᠮᠥᠷᠥᠭᠡᠳᠦᠯ ᠤᠨ ᠲᠦᠮᠡᠨ ᠡᠷᠡᠭᠡᠯᠵᠡᠭᠡ ᠲᠠᠲᠠᠭᠠᠯᠵᠠᠯ ᠢ ᠬᠤᠴᠣᠷᠭᠠᠵᠤ ᠠᠪᠳᠠᠭ ᠰᠡᠳᠬᠢᠯ ᠤᠨ ᠠᠷᠬᠠᠭ ᠦᠭᠡᠢ ᠲᠤᠶᠠᠭᠠᠯᠢᠭ᠂ | ᠲᠡᠭᠷᠢ ᠶᠢᠨ ᠬᠠᠶᠠᠭ᠎ᠠ ᠪᠠᠨ ᠰᠢᠷᠳᠡᠭᠦ ᠨᠢᠳᠦᠨ ᠳᠤ ᠨᠢᠯᠪᠤᠰᠤ ᠵᠠᠶᠢᠷᠲᠤᠭᠤᠯᠤᠯ ᠦᠭᠡᠢ᠂ ᠰᠢᠨᠠᠯᠬᠤ ᠵᠢᠷᠦᠬᠡᠨ ᠳᠤ ᠡᠮᠵᠡᠭ ᠲᠦᠷᠦᠭᠦᠯᠤᠯ ᠦᠭᠡᠢ ᠰᠢᠯᠤᠨ ᠪᠤᠯᠤᠷᠬᠠᠨ | ᠲᠤᠩᠭᠠᠯᠠᠭ ᠭᠡᠶᠢᠴᠡᠯᠡᠭᠦ ᠪᠢᠵᠡ ᠠ᠋᠃ | ᠠᠯᠤᠰ ᠢ ᠬᠠᠷᠠᠭᠠᠳ ᠰᠠᠭᠤᠵᠤ ᠪᠠᠶᠢᠬᠤ ᠳᠤ ᠠᠷᠪᠢᠨ ᠶᠠᠭᠤᠮ᠎ᠠ ᠭᠠᠳᠠᠭᠤᠷ ᠥᠩᠭᠡᠷᠡᠨ᠎ᠡ᠃ | ᠠᠯᠮᠠᠶᠢᠳᠠᠭᠤ ᠠᠯᠵᠢᠶᠠᠷᠠᠬᠤ ᠠᠯᠳᠠᠨ ᠲᠠᠯ᠎ᠠ ᠶᠢᠨ ᠢᠶᠠᠨ ᠡᠩ ᠥᠷᠭᠡᠨ ᠢᠶᠠᠷ ᠲᠡᠮᠡᠭᠡᠳ ᠮᠥᠩᠭᠦᠨ ᠲᠡᠪᠡᠨᠡ ᠰᠢᠭ ᠰᠤᠨᠤᠯᠵᠠᠨ ᠪᠣᠰᠴᠤ ᠰᠤᠪᠤᠷᠭᠠᠯᠠᠨᠠ᠃ | ᠠᠯᠢ ᠨᠢ ᠲᠣᠯᠣᠭᠠᠳ᠂ ᠠᠯᠢ ᠨᠢ ᠲᠡᠮᠡᠭᠡᠳ ᠪᠤᠯᠬᠤ ᠶᠢ ᠢᠯᠭᠠᠵᠤ ᠶᠠᠳᠠᠮ᠎ᠠ ᠬᠠᠨᠠᠷᠠᠯᠳᠤᠨᠡ᠃ | ᠬᠤᠯᠠᠳᠠᠨ ᠬᠤᠯᠠᠳᠠᠬᠤ ᠤᠯᠠᠷᠢᠯ ᠨᠠᠮᠤᠷ ᠤᠨ ᠠᠶᠠᠰ ᠢᠶᠠᠷ ᠬᠠᠷᠢᠬᠤ ᠴᠠᠭ ᠤᠨ ᠲᠡᠭᠷᠢ᠂ ᠬᠤᠯᠠ ᠳᠠᠭᠠᠨ ᠨᠢᠭᠡ ᠲᠠᠭ᠎ᠠ ᠦᠭᠡᠢ ᠬᠥᠩᠬᠦ᠋ᠢᠨᠡ᠃ ᠬᠠᠮᠤᠭ ᠶᠠᠭᠤᠮ᠎ᠠ | ᠲᠡᠭᠦᠨ ᠳᠤ ᠴᠢᠮᠡᠭᠯᠡᠭᠳᠡᠨ ᠬᠠᠮᠤᠭ ᠶᠠᠭᠤᠮ᠎ᠠ ᠪᠦᠭᠦᠳᠡᠭᠡᠷ ᠢᠶᠠᠨ ᠤᠷᠤᠰᠤᠭᠠᠳ ᠣᠷᠣᠴᠢᠬᠠᠬᠤ ᠰᠢᠭ᠋ ᠠᠯᠠᠭ᠎ᠠ ᠪᠣᠯᠣᠨ᠎ᠠ᠃ ᠠᠯᠠᠭ᠎ᠠ ᠯᠡ ᠪᠠᠶᠢᠳᠠᠭ ᠲᠡᠷᠡ ᠨᠠᠮᠤᠷ ᠤᠨ | ᠲᠡᠭᠷᠢ ᠶᠢᠨ ᠬᠠᠶᠠᠭᠠᠨ ᠳᠤ ᠠᠪᠤ ᠠᠳᠤᠭᠤ ᠲᠠᠢ ᠪᠠᠨ ᠣᠲᠣᠷᠯᠠᠵᠤ ᠶᠠᠪᠤᠵᠠᠢ᠃ | ᠬᠤᠷᠸ᠎ᠠ ᠶᠢᠨ ᠬᠠᠭᠤᠷᠮᠠᠴᠢ ᠳᠤ ᠢᠲᠡᠭᠡᠯ ᠦᠭᠡᠢ ᠬᠡᠦᠬᠡᠳ ᠪᠣᠲᠣᠭᠤ ᠬᠤᠶᠠᠷ ᠯᠡ ᠬᠤᠨᠤᠭ ᠤᠨ ᠮᠠᠷᠭᠠᠰᠢ ᠠᠴᠠ ᠪᠦᠭᠦ ᠶᠠᠭᠤᠮ᠎ᠠ ᠢᠷᠡᠬᠦ ᠶᠤᠮ ᠰᠢᠭ ᠡᠵᠢ ᠪᠠᠨ | ᠭᠡᠰᠡᠨ ᠬᠦᠯᠢᠶᠡᠯᠲᠡ᠂ ᠮᠥᠷᠥᠭᠡᠳᠦᠯ ᠤᠨ ᠦᠨᠡᠮᠰᠢᠯ ᠢᠶᠠᠨ ᠲᠦᠰᠢᠵᠦ᠂ ᠡᠯᠢᠭᠡ ᠡᠮᠲᠡᠷᠡᠭᠰᠡᠨ ᠥᠨᠥᠴᠢᠷᠡᠯ ᠭᠤᠨᠢᠭ ᠤᠨ ᠨᠢᠯᠪᠤᠰᠤᠨ ᠳᠠᠭᠠᠨ ᠲᠡᠪᠳᠤᠩᠭᠡᠨ ᠵᠦᠰᠡᠷᠡᠨ᠎ᠡ | ᠃ ᠬᠠᠷᠢᠭᠰᠠᠨ ᠶᠠᠭᠤᠮ᠎ᠠ ᠬᠡᠵᠢᠶᠡᠳᠡ ᠡᠷᠭᠢᠵᠦ ᠢᠷᠡᠰᠢ ᠦᠭᠡᠢ ᠭᠡᠵᠦ ᠬᠡᠨ ᠠᠯᠢᠨ ᠨᠢ ᠡᠰᠡ ᠬᠡᠯᠡᠵᠦ ᠭᠠᠷᠤᠨ᠎ᠠ᠃ ᠬᠡᠯᠡᠵᠦ ᠭᠠᠷᠬᠤ ᠦᠭᠡᠢ ᠦᠭᠡᠨ ᠤ ᠴᠠᠭᠠᠨ᠎ᠠ | ᠨᠢᠯᠪᠤᠰᠤ ᠪᠠᠨ ᠶᠡᠬᠡᠴᠦᠦᠯ ᠬᠤᠷᠢᠨ᠎ᠠ᠃ ᠬᠡᠯᠡᠵᠦ ᠭᠠᠷᠬᠤ ᠦᠭᠡᠢ ᠦᠭᠡᠨ ᠤ ᠴᠠᠭᠠᠨ᠎ᠠ ᠡᠬᠡᠴᠦᠦᠯ ᠬᠡᠦᠬᠡᠳ ᠪᠣᠲᠣᠭᠤ ᠬᠤᠶᠠᠷ ᠠᠴᠠ ᠬᠠᠷᠠᠴᠠ ᠪᠠᠨ ᠪᠤᠷᠤᠭᠤᠯᠠᠨ᠎ᠠ᠃ | ᠬᠡᠯᠡᠵᠦ ᠭᠠᠷᠬᠤ ᠦᠭᠡᠢ ᠦᠭᠡᠨ ᠤ ᠴᠠᠭᠠᠨ᠎ᠠ ᠬᠠᠭᠤᠷᠲᠠᠯ ᠦᠨᠡᠮᠰᠢᠯ ᠬᠤᠶᠠᠷ ᠢᠭᠡᠷᠡᠭᠡᠨ ᠵᠡᠷᠭᠡᠴᠡᠨ᠎ᠡ᠃ ᠨᠠᠮᠤᠷ ᠨᠠᠮᠤᠷ ᠮᠢᠩᠭ᠎ᠠ ᠮᠢᠩᠭᠠᠨ ᠬᠥᠮᠥᠨ ᠤ ᠰᠠᠶᠢᠬᠠᠨ | ᠰᠡᠳᠬᠢᠯ ᠳᠤᠷᠠᠰᠤᠮᠵᠢ ᠶᠢᠨ ᠬᠠᠭᠤᠳᠠᠰᠤᠨ ᠠᠴᠠ ᠥᠪᠡᠷ ᠤᠨ ᠬᠠᠶᠢᠷᠠᠲᠠᠢ ᠳᠤᠷᠠᠲᠠᠢ ᠮᠥᠷᠥᠭᠡᠳᠦᠯ ᠤᠨ ᠲᠦᠮᠡᠨ ᠡᠷᠭᠢᠴᠡᠭᠦᠯᠦᠯ ᠢᠶᠠᠨ ᠤᠷᠪᠠᠭᠤᠯᠤᠨ᠎ᠠ᠃ | ᠠᠯᠤᠰ ᠭᠠᠵᠠᠷ ᠤᠨ ᠲᠡᠭᠷᠢ ᠡᠭᠦᠯᠡ ᠨᠢ ᠴᠠᠶᠢᠯᠵᠡᠩᠬᠠᠨ ᠥᠨᠳᠡᠶᠢᠨᠡ᠃ | ᠠᠷᠤ ᠭᠠᠵᠠᠷ ᠤᠨ ᠨᠠᠮᠤᠷ ᠬᠠᠶᠠᠭ᠎ᠠ ᠬᠠᠳᠠᠪᠴᠢ ᠪᠠᠷ ᠱᠠᠷᠭᠢᠯᠳᠤᠨ ᠥᠩᠭᠡᠷᠡᠨ᠎ᠡ᠃ | ᠠᠯᠤᠰ ᠢ ᠬᠠᠷᠠᠭᠠᠳ ᠰᠠᠭᠤᠵᠤ ᠪᠠᠶᠢᠬᠤ ᠳᠤ ᠠᠷᠪᠢᠨ ᠶᠠᠭᠤᠮ᠎ᠠ ᠭᠠᠳᠠᠭᠤᠷ ᠥᠩᠭᠡᠷᠡᠨ᠎ᠡ᠂ ᠭᠠᠳᠠᠨ᠎ᠠ ᠠᠴᠠ ᠶᠠᠪᠤᠨ᠎ᠠ᠃ |