ᠥᠬᠢᠨ ᠮᠢᠨᠢ ᠦᠵᠡᠵᠦ ᠪᠠᠶᠢᠲᠠᠯ᠎ᠠ ᠠᠷᠪᠠ ᠬᠦᠷᠴᠢᠬᠡᠯ᠎ᠡ᠃ ᠠᠰᠲᠠᠭᠠᠨ ᠨᠢᠭᠡ ᠤᠨᠲᠠᠯᠭ᠎ᠠ ᠶᠢᠨ ᠦᠷᠦᠭᠡ ᠪᠠᠶᠢᠳᠠᠭ ᠪᠤᠯᠪᠠᠴᠤ ᠡᠵᠢ ᠥᠬᠢᠨ ᠬᠤᠶᠠᠭᠤᠯᠠ ᠪᠠᠨ | ᠰᠠᠯᠵᠤ ᠬᠤᠨᠣᠬᠤ ᠶᠠᠩᠵᠤ ᠦᠭᠡᠢ᠃ ᠠᠩᠭᠢ ᠶᠢᠨ ᠬᠡᠨ ᠬᠡᠨ ᠴᠢᠨᠢ ᠥᠪᠡᠷ ᠤᠨ ᠤᠨᠲᠠᠯᠭ᠎ᠠ ᠶᠢᠨ ᠦᠷᠦᠭᠡ ᠲᠠᠢ ᠪᠢᠰᠢᠦ᠂ ᠪᠢ ᠴᠢᠮᠠᠳᠤ ᠪᠠᠰᠠ ᠨᠢᠭᠡ | ᠤᠨᠲᠠᠯᠭ᠎ᠠ ᠶᠢᠨ ᠦᠷᠦᠭᠡ ᠭᠠᠷᠭᠠᠵᠤ ᠦᠭᠭᠦᠶ᠎ᠡ ᠭᠡᠬᠦ ᠳᠤ ᠥᠬᠢᠨ ᠬᠠᠷᠢᠨ ᠠᠶᠤᠨ᠎ᠠ ᠭᠡᠳ ᠲᠠᠰᠤ ᠬᠠᠯᠭᠠᠬᠤ ᠦᠭᠡᠢ᠃ ᠵᠠ ᠲᠡᠭᠡᠭᠡᠳ ᠡᠨᠡ ᠭᠤᠷᠪᠠᠳᠤᠭᠠᠷ ᠣᠨ ᠤ | ᠰᠣᠷᠣᠬᠴᠢ ᠮᠠᠨ ᠤ ᠬᠤᠶᠠᠷ ᠤᠨ ᠳᠤᠮᠳᠠ ᠪᠧᠷᠯᠢᠨ ᠬᠡᠷᠡᠮ ᠪᠣᠯᠣᠭᠠᠳ ᠤᠨᠲᠠᠵᠤ ᠳᠠᠰᠤᠭᠰᠠᠨ ᠪᠠᠶᠢᠳᠠᠭ᠃ | ᠪᠢ ᠤᠷᠢᠳ ᠢᠶᠠᠷ ᠥᠬᠢᠨ ᠳᠡᠭᠡᠨ ᠤᠨᠲᠠᠬᠤ ᠦᠷᠦᠭᠡ ᠵᠣᠬᠢᠶᠠᠵᠤ ᠥᠭᠭᠦᠨ᠎ᠡ ᠭᠡᠵᠦ ᠪᠤᠳᠤᠯ᠎ᠠ᠃ | ᠦᠨᠡᠨᠳᠡᠭᠡᠨ ᠡᠨᠡ ᠦᠷᠦᠭᠡ ᠵᠤᠨ ᠳᠠᠭᠠᠨ ᠮᠠᠰᠢ ᠰᠡᠷᠢᠭᠦᠬᠡᠨ᠂ ᠪᠢ ᠬᠡᠳᠦᠨ ᠵᠤᠨ ᠡᠨᠡ ᠥᠷᠥᠭᠡᠨ ᠳᠤ ᠪᠠᠶᠢᠭᠠᠳ ᠪᠠᠶᠢᠭᠰᠠᠨ᠃ ᠡᠪᠦᠯ ᠪᠣᠯᠬᠤᠯᠠᠷ ᠵᠢᠪᠠᠷ | ᠨᠡᠪᠲᠡᠷᠡᠭᠡᠳ ᠬᠥᠮᠥᠨ ᠬᠤᠨᠣᠵᠤ ᠪᠤᠯᠳᠠᠭ ᠦᠭᠡᠢ ᠲᠤᠯᠠ ᠬᠠᠳᠠᠮ ᠤᠨ ᠬᠢ ᠰᠢᠨ᠎ᠡ ᠠᠰᠠᠷ ᠠᠪᠬᠤ ᠳᠤ ᠳᠣᠲᠣᠷ᠎ᠠ ᠨᠢ ᠪᠠᠶᠢᠭᠰᠠᠨ ᠬᠤᠶᠠᠷ ᠬᠥᠮᠥᠨ ᠤ ᠣᠷᠣ ᠶᠢ | ᠲᠡᠳᠡᠨᠡᠶᠢᠬᠢᠨ ᠳᠤ ᠥᠭᠭᠦᠭᠡᠳ ᠶᠠᠪᠤᠭᠤᠯᠴᠢᠬᠠᠵᠠᠢ᠃ ᠬᠤᠶᠠᠷ ᠬᠥᠮᠥᠨ ᠤ ᠣᠷᠣ ᠭᠠᠷᠭᠠᠭᠰᠠᠨ ᠪᠠᠶᠢᠲᠠᠯ᠎ᠠ ᠲᠡᠷᠡ ᠦᠷᠦᠭᠡ ᠠᠭᠤᠵᠢᠮ ᠪᠣᠯᠵᠤ ᠰᠠᠨᠠᠭᠳᠠᠭᠰᠠᠨ ᠦᠭᠡᠢ᠂ | ᠲᠡᠷᠡᠬᠡᠨ ᠳᠣᠣᠷ᠎ᠠ ᠪᠠᠨ ᠬᠥᠯ ᠭᠢᠰᠬᠢᠬᠦ ᠭᠠᠵᠠᠷ ᠦᠭᠡᠢ ︽ᠬᠥᠮᠥᠷᠭᠡ︾ ᠶᠢᠨ ᠭᠡᠷ ᠪᠣᠯᠵᠤ ᠬᠤᠪᠢᠷᠠᠭᠰᠠᠨ ᠶᠤᠮ᠃ | ᠤᠳᠤ ᠬᠠᠮᠤᠭ ᠲᠡᠷᠢᠭᠦᠨ ᠤ ᠠᠵᠢᠯ ᠨᠢ ᠡᠳᠡᠭᠡᠷ ᠣᠪᠣᠨ ᠴᠤᠪᠤᠨ ᠣᠷᠣᠵᠤ ᠢᠷᠡᠭᠰᠡᠨ ᠪᠣᠭᠤᠳᠠᠯ ᠪᠠᠭᠯᠠᠭ᠎ᠠ᠂ ᠠᠪᠳᠠᠷ᠎ᠠ ᠬᠤᠷᠭᠤ ᠶᠢᠨ ᠵᠦᠢᠯ ᠤᠳ ᠢ ᠬᠠᠮᠢᠭ᠎ᠠ | ᠤᠷᠤᠭᠤᠯᠬᠤ ᠪᠤᠢ ᠭᠡᠳᠡᠭ ᠠᠰᠠᠭᠤᠳᠠᠯ ᠭᠠᠷᠴᠤ ᠢᠷᠡᠪᠡ᠃ ᠪᠢ ᠭᠡᠷ ᠤᠨ ᠳᠡᠭᠡᠪᠦᠷ ᠢ ᠲᠣᠭᠤᠷᠢᠭᠤᠯᠤᠨ ᠨᠢᠭᠡ ᠴᠠᠭᠠᠷᠢᠭ ᠮᠣᠳᠣᠨ ᠬᠠᠶᠢᠷᠴᠠᠭ ᠴᠣᠬᠢᠭᠤᠯᠬᠤ | ᠤᠬᠠᠭᠠᠨ ᠢ ᠪᠤᠳᠤᠵᠦ ᠣᠯᠪᠠ᠃ ᠲᠡᠭᠡᠭᠰᠡᠭᠡᠷ ᠡᠳᠡᠭᠡᠷ ᠪᠤᠢ ᠪᠦᠬᠦᠢ ᠬᠤᠪᠴᠠᠰᠤ ᠱᠠᠬᠠᠢ ᠵᠠᠷᠤᠳᠠᠯ ᠬᠡᠷᠡᠭᠰᠡᠯ ᠤᠨ ᠵᠦᠢᠯ ᠪᠦᠷ ᠬᠥᠮᠥᠨ ᠤ ᠭᠠᠷ ᠬᠥᠯ ᠠᠴᠠ | ᠳᠠᠯᠳᠠᠬᠠᠨ ᠳᠡᠭᠡᠭᠰᠢ ᠬᠥᠭᠡᠷᠦᠭᠡᠳ ᠭᠠᠷᠴᠢᠬᠠᠨ᠎ᠠ᠂ ᠦᠷᠦᠭᠡ ᠠᠭᠤᠵᠢᠮ ᠪᠣᠯᠣᠨ᠎ᠠ᠂ ᠭᠠᠭᠴᠠ ᠬᠥᠮᠥᠨ ᠤ ᠣᠷᠣ ᠲᠠᠯᠪᠢᠬᠤ ᠳᠤ ᠮᠥᠨ ᠠᠭᠤᠵᠢᠮ ᠰᠠᠨᠠᠭᠳᠠᠨ᠎ᠠ᠃ | ᠲᠠᠭᠢᠭᠠᠳ ᠬᠡᠷᠡᠮ ᠬᠠᠨ᠎ᠠ ᠶᠢ ᠨᠢ ᠬᠡᠦᠬᠡᠳ ᠤᠨ ᠣᠨᠴᠠᠯᠢᠭ ᠲᠤ ᠨᠡᠶᠢᠴᠡᠭᠰᠡᠨ ᠺᠠᠷᠲ᠋ᠣᠨ ᠤᠷᠠᠯᠠᠯ ᠢᠶᠠᠷ ᠴᠢᠮᠡᠪᠡᠯ ᠮᠠᠭᠤ ᠵᠣᠯᠢᠭ ᠥᠪᠡᠷ ᠲᠡᠭᠡᠨ ᠣᠷᠣ ᠪᠠᠨ ᠲᠡᠪᠡᠷᠢᠭᠡᠳ | ᠣᠷᠣᠵᠤ ᠢᠷᠡᠨ᠎ᠡ ᠳ᠋ᠠ ᠭᠡᠵᠦ ᠪᠢ ᠬᠡᠢ ᠰᠠᠨᠠᠪᠠ᠃ | ᠪᠠᠰᠠ ᠴᠢᠨᠠᠭᠰᠢ ᠨᠢ ᠤᠷᠭᠤᠭᠤᠯᠵᠦ ᠪᠤᠳᠤᠬᠤ ᠵᠠᠢ ᠴᠢᠯᠦᠭᠡ ᠮᠥᠨ ᠪᠠᠶᠢᠨ᠎ᠠ᠃ ᠳᠡᠭᠡᠪᠦᠷ ᠠᠴᠠ ᠤᠨᠵᠢᠭᠤᠯᠤᠭᠰᠠᠨ ᠮᠣᠳᠣᠨ ᠠᠪᠳᠠᠷ᠎ᠠ ᠶᠢᠨ ᠳᠣᠣᠭᠤᠷ | ᠴᠣᠩᠬᠤ ᠶᠢ ᠭᠠᠷᠭᠠᠭᠠᠳ ᠬᠡᠷᠡᠭᠯᠡᠵᠦ ᠪᠤᠯᠬᠤ ᠭᠤᠷᠪᠠᠨ ᠬᠠᠨ᠎ᠠ ᠶᠢᠨ ᠵᠠᠢ ᠪᠠᠶᠢᠨ᠎ᠠ᠃ ᠵᠡᠭᠦᠨ ᠬᠠᠨ᠎ᠠ ᠪᠣᠯ ᠥᠬᠢᠨ ᠪᠢᠳᠡ ᠬᠤᠶᠠᠷ ᠤᠨ ᠨᠣᠮ ᠤᠨ ᠵᠢᠶᠠᠵᠠ᠃ ᠡᠮᠦᠨ᠎ᠡ | ᠬᠠᠨ᠎ᠠ ᠪᠣᠯ ᠥᠬᠢᠨ ᠤ ᠬᠤᠪᠴᠠᠰᠤᠨ ᠬᠤᠷᠭᠤ᠂ ᠪᠠᠷᠠᠭᠤᠨ ᠬᠠᠨ᠎ᠠ ᠪᠣᠯ ᠡᠬᠡᠨᠡᠷ ᠤᠨ ᠬᠤᠪᠴᠠᠰᠤᠨ ᠬᠤᠷᠭᠤ ᠭᠡᠵᠦ ᠠᠩᠬ᠎ᠠ ᠲᠥᠰᠥᠪᠯᠡᠪᠡ᠃ ᠪᠢ ᠲᠡᠷᠡ | ᠣᠯᠳᠠᠭᠰᠠᠨ ᠭᠠᠭᠴᠠ ᠬᠠᠨ᠎ᠠ ᠶᠢᠨ ᠨᠣᠮ ᠤᠨ ᠬᠤᠷᠭᠤ ᠪᠠᠨ ᠪᠤᠳᠤᠭᠠᠳ ᠬᠡᠴᠢᠨᠡᠭᠡᠨ ᠰᠥᠨᠢ ᠤᠨᠲᠠᠵᠤ ᠣᠷᠣᠬᠤ ᠦᠭᠡᠢ ᠬᠥᠭᠰᠡᠨ ᠪᠠᠶᠠᠷᠯᠠᠵᠤ ᠪᠠᠶᠢᠯ᠎ᠠ᠃ ᠨᠣᠮ ᠤᠨ | ᠬᠤᠷᠭᠤᠨ ᠤ ᠳᠣᠣᠷ᠎ᠠ ᠬᠡᠰᠡᠭ ᠢᠶᠠᠷ ᠨᠢ ᠪᠢᠴᠢᠭ ᠤᠨ ᠰᠢᠷᠡᠭᠡ ᠬᠢᠯᠭᠡᠨ᠎ᠡ᠂ ᠺᠤᠮᠫᠢᠦ᠋ᠲ᠋ᠧᠷ ᠲᠠᠯᠪᠢᠬᠤ ᠵᠠᠢ ᠭᠠᠷᠭᠠᠨ᠎ᠠ᠃ ᠬᠤᠵᠢᠮ ᠳᠠᠭᠠᠨ ᠪᠤᠳᠤᠭᠲᠤ ᠵᠢᠷᠤᠭ ᠴᠤ | ᠭᠠᠷᠭᠠᠵᠤ ᠴᠢᠳᠠᠬᠤ ᠳᠠᠷᠤᠮᠠᠯᠯᠠᠬᠤ ᠮᠠᠰᠢᠨ ᠤᠭᠰᠠᠷᠠᠨ᠎ᠠ ᠭᠡᠵᠦ ᠬᠡᠢ ᠰᠠᠨᠠᠵᠤ ᠠᠮᠵᠢᠪᠠ᠃ ᠪᠢ ᠭᠤᠷᠪᠠᠨ ᠬᠠᠨ᠎ᠠ ᠶᠢ ᠬᠡᠷᠬᠢᠨ ᠬᠤᠪᠢᠶᠠᠬᠤ ᠲᠤᠬᠠᠢ ᠡᠳᠦᠷᠵᠢᠨ | ᠰᠥᠨᠢᠵᠢᠨ ᠪᠤᠳᠤᠬᠰᠠᠭᠠᠷ ᠪᠠᠶᠢᠵᠤ ᠡᠪᠲᠡᠢ ᠲᠥᠰᠥᠯ ᠭᠠᠷᠭᠠᠭᠰᠠᠨ᠃ ᠦᠨᠡᠨᠳᠡᠭᠡᠨ ᠳᠦᠭᠦᠷᠡᠩ ᠨᠣᠮ ᠲᠠᠢ ᠨᠣᠮ ᠤᠨ ᠵᠢᠶᠠᠵᠠ ᠪᠣᠯ ᠮᠢᠨᠤ ᠡᠳᠦᠷ ᠤᠨ ᠪᠤᠳᠤᠯ | ᠰᠥᠨᠢ ᠶᠢᠨ ᠵᠡᠭᠦᠳᠦ ᠪᠠᠶᠢᠭᠰᠠᠨ ᠶᠤᠮ ᠠ᠋︕ ᠪᠢ ᠥᠪᠡᠷ ᠤᠨ ᠢᠶᠠᠨ ᠭᠡᠰᠡᠨ ᠨᠢᠭᠡ ᠨᠣᠮ ᠤᠨ ᠬᠤᠷᠭᠤ ᠲᠠᠢ ᠪᠤᠯᠬᠤ ᠰᠠᠨ ᠭᠡᠵᠦ ᠬᠡᠴᠢᠨᠡᠭᠡᠨ ᠰᠥᠨᠢ ᠵᠡᠭᠦᠳᠦᠯᠡᠵᠦ | ᠥᠩᠭᠡᠷᠡᠪᠡ ᠳ᠋ᠠ᠃ ᠬᠠᠮᠤᠭ ᠤᠨ ᠳᠣᠣᠷ᠎ᠠ ᠳᠠᠪᠬᠤᠷᠭ᠎ᠠ ᠳᠤᠨᠢ ᠥᠬᠢᠨ ᠤ ᠪᠠᠨ ᠨᠣᠮ ᠢ ᠲᠠᠯᠪᠢᠨ᠎ᠠ᠃ ᠳᠡᠭᠡᠭᠦᠷ ᠨᠢᠭᠡ ᠬᠡᠰᠡᠭ ᠲᠤᠨᠢ ᠪᠤᠢ ᠪᠦᠬᠦᠢ ᠲᠠᠨᠢᠳᠠᠭ | ᠬᠥᠮᠥᠰ ᠤᠨ ᠢᠶᠠᠨ ᠨᠣᠮ ᠢ ᠵᠡᠷᠭᠡᠯᠡᠨ᠎ᠡ᠃ ᠲᠡᠭᠦᠨ ᠠᠴᠠ ᠳᠡᠭᠡᠭᠰᠢ ᠨᠢ ᠮᠣᠩᠭᠤᠯ ᠤᠷᠠᠨ ᠵᠣᠬᠢᠶᠠᠯ᠂ ᠪᠠᠰᠠ ᠨᠢᠭᠡ ᠳᠡᠭᠲᠡᠷ ᠲᠤᠨᠢ ᠮᠣᠩᠭᠤᠯ ᠲᠡᠦᠬᠡ ᠰᠣᠶᠣᠯ ᠤᠨ | ᠨᠣᠮ᠂ ᠲᠠᠷᠠᠭ᠎ᠠ ᠨᠢ ᠬᠢᠲᠠᠳ ᠤᠷᠠᠨ ᠵᠣᠬᠢᠶᠠᠯ᠂ ᠬᠠᠮᠤᠭ ᠤᠨ ᠳᠡᠭᠡᠳᠦ ᠳᠡᠭᠲᠡᠷ ᠲᠤᠨᠢ ᠰᠡᠳᠬᠦᠯ ᠪᠠ ᠰᠤᠯᠠ ᠨᠣᠮ ᠤᠳ ᠭᠡᠵᠦ ᠪᠦᠷ ᠪᠢᠰᠢᠯᠭᠠᠨ ᠪᠤᠳᠤᠵᠦ ᠠᠮᠵᠢᠵᠠᠢ | ᠃ ᠵᠡᠭᠦᠨ ᠬᠠᠨ᠎ᠠ ᠪᠠ ᠡᠮᠦᠨ᠎ᠡ ᠬᠠᠨ᠎ᠠ ᠶᠢᠨ ᠵᠣᠯᠭᠠᠭᠤᠷ ᠢ ᠨᠢ ᠤᠯᠠᠨ ᠳᠡᠭᠲᠡᠷᠯᠢᠭᠲᠦ ᠬᠠᠭᠠᠯᠭᠠᠨ ᠬᠠᠪᠲᠠᠰᠤ ᠦᠭᠡᠢ ᠲᠠᠯᠪᠢᠭᠤᠷ ᠢᠶᠠᠷ ᠵᠣᠯᠭᠠᠭᠤᠯᠵᠤ᠂ ᠳᠣᠲᠣᠷ᠎ᠠ ᠨᠢ | ᠥᠬᠢᠨ ᠪᠢᠳᠡ ᠬᠤᠶᠠᠷ ᠤᠨ ᠲᠣᠯᠢ ᠪᠢᠴᠢᠭ ᠮᠡᠲᠦᠰ ᠤᠨ ᠪᠦᠳᠦᠭᠦᠨ ᠨᠣᠮ ᠪᠤᠶᠤ ᠣᠯᠣᠭᠰᠠᠨ ᠮᠧᠲᠠᠯ ᠦᠨᠡᠮᠯᠡᠯ ᠢᠶᠠᠨ ᠲᠠᠯᠪᠢᠨ᠎ᠠ ᠭᠡᠵᠦ ᠲᠥᠰᠥᠭᠡᠯᠡᠯᠡ᠃ | - ᠦᠯᠡᠳᠡᠭᠰᠡᠨ ᠴᠠᠯᠢᠩ ᠢ ᠴᠢᠨᠢ ᠬᠡᠵᠢᠶ᠎ᠡ ᠥᠭᠬᠦ ᠭᠡᠵᠦ ᠪᠠᠶᠢᠭ᠎ᠠ ᠶᠤᠮ︖ ᠭᠡᠵᠦ ᠭᠡᠷᠭᠡᠢ ᠮᠢᠨᠢ ᠡᠳᠦᠷ ᠤᠨ ᠮᠠᠷᠭᠠᠰᠢ ᠠᠰᠠᠭᠤᠨ᠎ᠠ᠃ ᠪᠢ ᠨᠠᠶᠠᠨ ᠵᠦᠢᠯ ᠤᠨ | ᠰᠢᠯᠲᠠᠭ ᠬᠡᠯᠡᠭᠰᠡᠭᠡᠷ ᠪᠠᠶᠢᠵᠤ ᠰᠢᠨ᠎ᠡ ᠰᠢᠯᠲᠠᠭ ᠪᠤᠳᠤᠵᠦ ᠣᠯᠬᠤ ᠳᠤ ᠬᠦᠴᠢᠷᠳᠡᠬᠦ ᠪᠣᠯᠵᠠᠢ᠃ ᠲᠡᠭᠡᠭᠡᠳ ᠠᠷᠭ᠎ᠠ ᠪᠠᠷᠠᠬᠤ ᠳᠠᠭᠠᠨ᠄ ︽ᠪᠠᠶᠢᠭᠤᠯᠭ᠎ᠠ ᠶᠢᠨ ᠨᠢᠷᠪᠠ | ᠬᠡᠦᠬᠡᠳ ᠠᠪᠬᠤ ᠭᠡᠵᠦ ᠪᠡᠭᠡᠵᠢᠩ ᠣᠷᠣᠭᠠᠳ ᠶᠠᠪᠤᠭᠰᠠᠨ᠂ ᠵᠢᠯ ᠭᠠᠷᠤᠭᠠᠳ ᠰᠠᠶ᠋ᠢ ᠢᠷᠡᠨ᠎ᠡ︾ ᠭᠡᠵᠦ ᠬᠠᠭ᠎ᠠ ᠫᠤᠤᠳᠠᠴᠢᠬᠠᠪᠠ᠃ | - ᠲᠡᠷᠡ ᠴᠠᠯᠢᠩ ᠢ ᠴᠢᠨᠢ ᠥᠭᠪᠡᠯ ᠴᠢ ᠳᠤᠷ᠎ᠠ ᠪᠠᠷ ᠢᠶᠠᠨ ᠵᠠᠷᠤᠵᠤ ᠪᠤᠯᠬᠤ ᠦᠭᠡᠢ᠂ ᠥᠬᠢᠨ ᠤ ᠴᠢᠨᠢ ᠠᠩᠭ᠍ᠯᠢ ᠭᠡᠯᠡ ᠨᠥᠬᠦᠭᠰᠡᠨ ᠲᠥᠯᠥᠪᠦᠷᠢ᠂ ᠲᠡᠭᠦᠯᠳᠡᠷ | ᠬᠤᠭᠤᠷ ᠰᠤᠷᠤᠬᠰᠠᠨ ᠲᠥᠯᠥᠪᠦᠷᠢ ᠭᠡᠳ ᠬᠡᠳᠦᠨ ᠮᠢᠩᠭ᠎ᠠ ᠥᠷᠢᠲᠦᠭᠡᠳ ᠪᠠᠶᠢᠨ᠎ᠠ᠃ ᠣᠯᠣᠭᠰᠠᠭᠠᠷ ᠨᠠᠳᠠ ᠠᠪᠴᠢᠷᠠᠵᠤ ᠥᠭ ᠭᠡᠵᠦ ᠡᠮ᠎ᠡ ᠬᠠᠭᠠᠨ ᠡᠳᠦᠷ ᠤᠨ | ᠮᠠᠷᠭᠠᠰᠢ ᠬᠠᠲᠠᠭᠤ ᠵᠠᠷᠯᠢᠭ ᠪᠠᠭᠤᠨ᠎ᠠ᠃ ᠦᠨᠡᠨᠳᠡᠭᠡᠨ ᠲᠡᠭᠦᠨ ᠢ ᠬᠡᠵᠢᠶᠡᠨᠡᠢ ᠣᠯᠴᠢᠬᠠᠭᠠᠳ ᠲᠠᠷᠢᠶᠠᠯᠠᠩ ᠤᠨ ᠪᠠᠩᠬᠢ ᠶᠢᠨ ᠺᠠᠷᠲ ᠳᠠᠭᠠᠨ ᠣᠷᠣᠭᠤᠯᠵᠤ | ᠬᠠᠷᠮᠠᠨ ᠳᠠᠭᠠᠨ ᠠᠪᠴᠤ ᠶᠠᠪᠤᠭ᠎ᠠ ᠶᠤᠮ᠃ | - ᠴᠢ ᠡᠨᠡ ᠬᠡᠳᠦᠨ ᠡᠳᠦᠷ ᠭᠡᠷ ᠤᠨ ᠪᠠᠷ᠎ᠠ ᠬᠠᠷᠠᠬᠤ ᠦᠭᠡᠢ᠂ ᠬᠡᠨ ᠲᠠᠢ ᠪᠠᠨ ᠨᠣᠣᠷᠠᠯᠳᠤᠭᠠᠳ ᠶᠠᠪᠤᠵᠤ ᠪᠠᠶᠢᠭ᠎ᠠ ᠶᠤᠮ︖ ᠪᠠᠰᠠ ᠠᠯᠢ ᠠᠪᠤ ᠨᠠᠷ ᠴᠢᠨᠢ | ᠢᠷᠡᠭᠡᠳ ᠲᠠᠭᠠᠵᠦ ᠳᠡᠷᠪᠡᠭᠡ ᠪᠣᠯ︖ ᠭᠡᠳ ᠡᠬᠡᠨᠡᠷ ᠨᠢᠭᠡ ᠡᠳᠦᠷ ᠭᠠᠷᠤᠳᠢ ᠶᠢᠨ ᠨᠢᠳᠦᠯᠡᠵᠦ ᠠᠭᠰᠤᠷᠤᠯᠠ᠃ | - ᠣᠷᠣᠨ ᠤ ᠲᠥᠪ ᠠᠴᠠ ᠰᠤᠷᠪᠤᠯᠵᠢᠯᠠᠬᠴᠢ ᠢᠷᠡᠭᠡᠳ ᠪᠢ ᠬᠤᠲᠠᠨ ᠳᠣᠲᠣᠷ᠎ᠠ ᠳᠠᠭᠠᠭᠤᠯᠤᠨ ᠰᠣᠷᠪᠤᠯᠵᠢᠯᠠᠭ᠎ᠠ ᠠᠪᠴᠤ ᠁ ᠭᠡᠳ ᠯᠡ ᠥᠩᠭᠡᠷᠡᠭᠦᠯᠦᠯ᠎ᠡ᠃ | ᠦᠨᠡᠨᠳᠡᠭᠡᠨ ᠰᠤᠷᠪᠤᠯᠵᠢᠯᠠᠬᠴᠢ ᠢᠷᠡᠭᠰᠡᠨ ᠦᠶ᠎ᠡ ᠳᠤ ᠪᠢ ᠠᠯᠢ ᠴᠢᠳᠠᠬᠤ ᠪᠠᠷ ᠪᠤᠯᠲᠠᠵᠤ ᠪᠠᠶᠢᠳᠠᠭ ᠬᠥᠮᠥᠨ ᠪᠢᠯᠡ᠃ ᠦᠨᠡᠨᠳᠡᠭᠡᠨ ᠪᠢ ᠴᠢᠨᠢ ᠮᠤᠵᠢᠶᠠᠩ ᠡᠷᠢᠭᠡᠳ | ᠭᠦᠶᠦᠵᠦ ᠪᠠᠶᠢᠭᠰᠠᠨ ᠳ᠋ᠠ᠃ ᠵᠢᠷᠤᠭ ᠲᠥᠯᠥᠪᠯᠡᠭᠡ ᠠᠪᠬᠤ ᠭᠡᠵᠦ᠂ ᠥᠪᠡᠷ ᠤᠨ ᠪᠤᠳᠤᠬᠰᠠᠨ ᠢᠶᠠᠨ ᠣᠶᠢᠯᠠᠭᠠᠭᠤᠯᠬᠤ ᠭᠡᠵᠦ ᠪᠢ ᠬᠢᠲᠠᠳ ᠮᠤᠵᠢᠶᠠᠩ ᠤᠳ ᠲᠠᠢ | ᠭᠡᠯᠡ ᠠᠮᠠ ᠪᠠᠨ ᠬᠤᠭᠤᠯᠤᠮᠠᠷ ᠪᠣᠯᠵᠤ ᠭᠠᠴᠢᠭᠳᠠᠨ᠎ᠠ᠃ ᠠᠷᠭ᠎ᠠ ᠪᠠᠨ ᠪᠠᠷᠠᠬᠤ ᠳᠠᠭᠠᠨ ᠡᠬᠡᠨᠡᠷ ᠤᠨ ᠢᠶᠠᠨ ᠣᠷᠣᠢ ᠶᠢᠨ ᠬᠢᠴᠢᠶᠡᠯ ᠲᠠᠢ ᠨᠢᠭᠡ ᠣᠷᠣᠢ ᠶᠢ ᠨᠢ | ᠲᠠᠭᠠᠷᠠᠭᠤᠯᠵᠦ ᠬᠢᠲᠠᠳ ᠮᠤᠵᠢᠶᠠᠩ ᠢ ᠭᠡᠷ ᠲᠡᠭᠡᠨ ᠤᠷᠢᠭᠠᠳ ᠰᠡᠮᠡᠭᠡᠷ ᠬᠡᠷᠡᠮ ᠬᠠᠨ᠎ᠠ ᠪᠠᠨ ᠬᠡᠮᠵᠢᠭᠦᠯᠦᠯᠡ᠂ ᠵᠢᠷᠤᠭᠤᠯᠤᠯᠠ᠃ | - ᠭᠤᠷᠪᠠᠨ ᠨᠣᠮ ᠠᠪᠴᠤ ᠥᠭᠬᠦ ᠦᠭᠡᠢ ᠪᠣᠯ ᠪᠢ ᠡᠵᠢ ᠳᠤ ᠬᠡᠯᠡᠨ᠎ᠡ ᠭᠡᠵᠦ ᠮᠠᠭᠤ ᠥᠬᠢᠨ ᠨᠠᠮ᠎ᠠ ᠪᠠᠨ ᠠᠶᠤᠯᠭᠠᠨ᠎ᠠ᠃ ᠺᠢᠨᠣ᠋ ᠳᠡᠭᠡᠷᠡᠬᠢ ᠨᠢᠭᠤᠴᠠ ᠨᠠᠮ ᠤᠨ | ᠠᠵᠢᠯ ᠬᠢᠳᠡᠭ ᠰᠢᠭ ᠪᠢ ᠴᠢᠨᠢ ᠮᠡᠷᠭᠡᠵᠢᠯ ᠤᠨ ᠲᠣᠭᠯᠠᠭᠴᠢ ᠰᠢᠤᠬᠠᠨ ᠪᠠᠶᠢᠨ᠎ᠠ ᠳ᠋ᠠ᠃ ᠬᠤᠶᠠᠷ ᠨᠣᠮ ᠴᠦ ᠭᠠᠶᠢᠭᠤᠢ ᠬᠡᠷᠡᠭ᠃ ᠬᠤᠶᠠᠷ ᠮᠢᠩᠭᠠᠨ ᠨᠣᠮ ᠢᠶᠠᠨ ᠬᠢᠬᠦ | ᠭᠠᠵᠠᠷ ᠲᠠᠢ ᠪᠣᠯᠣᠨ᠎ᠠ ᠭᠡᠵᠦ ᠵᠢᠳᠬᠦᠭᠡ ᠶᠤᠮ ᠠ᠋ ᠪᠢ᠃ | ᠲᠦᠮᠡᠨ ᠬᠡᠷᠡᠭ ᠪᠦᠷᠢᠯᠳᠦᠵᠦ ᠭᠠᠭᠴᠠ ᠯᠡ ᠡᠬᠡᠨᠡᠷ ᠤᠨ ᠢᠶᠠᠨ ᠵᠤᠨ ᠤ ᠠᠮᠠᠷᠠᠯᠲᠠ ᠶᠢᠨ ᠵᠤᠭᠠᠯᠠᠬᠤ ᠴᠠᠭ ᠢ ᠬᠦᠯᠢᠶᠡᠵᠦ ᠰᠠᠭᠤᠯ᠎ᠠ᠃ ᠪᠠᠭᠰᠢᠨᠠᠷ ᠭᠤᠷᠪᠠᠨ ᠵᠢᠯ᠂ | ᠠᠴᠢᠶᠠᠨ ᠤ ᠲᠡᠮᠡᠭᠡ ᠬᠥᠯᠦᠰᠢᠨ ᠦᠬᠡᠷ ᠰᠢᠭ ᠵᠢᠳᠬᠦᠭᠰᠡᠭᠡᠷ ᠪᠠᠶᠢᠵᠤ᠂ ᠳᠡᠭᠡᠳᠦ ᠭᠤᠷᠪᠠ ᠪᠠᠨ ᠲᠡᠭᠦᠰᠬᠡᠭᠰᠡᠭᠡᠷ ᠰᠤᠷᠭᠠᠭᠤᠯᠢ ᠠᠴᠠ ᠵᠣᠭᠤᠰ ᠭᠠᠷᠭᠠᠵᠤ ᠨᠢᠭᠡ ᠭᠠᠵᠠᠷ | ᠣᠯᠵᠤ ᠲᠣᠭᠤᠷᠢᠭᠤᠯᠳᠠᠭ᠃ ᠬᠦᠰᠡᠨ ᠬᠦᠯᠢᠶᠡᠵᠦ ᠪᠠᠶᠢᠲᠠᠯ᠎ᠠ ᠨᠢ ᠭᠦᠷᠦᠭᠡᠳ ᠢᠷᠡᠪᠡ ᠲᠡᠷᠡ ᠡᠳᠦᠷ ᠨᠢ᠃ | ᠡᠬᠡᠨᠡᠷ ᠤᠨ ᠰᠠᠭᠤᠭᠰᠠᠨ ᠲᠡᠷᠭᠡ ᠰᠤᠷᠭᠠᠭᠤᠯᠢ ᠶᠢᠨ ᠡᠭᠦᠳᠡᠨ ᠠᠴᠠ ᠭᠦᠳᠡᠯᠪᠡᠤ ᠦᠭᠡᠢ ᠤᠤ᠂ ᠪᠢ ᠴᠢᠨᠢ᠂ ᠮᠤᠵᠢᠶᠠᠩ ᠢᠶᠠᠨ ᠳᠠᠭᠤᠳᠠᠭᠠᠳ ᠶᠠᠭᠠᠷᠠᠯ᠎ᠠ᠃ ᠵᠢᠷᠤᠭ | ᠲᠥᠯᠥᠪᠯᠡᠭᠡ ᠶᠢ ᠨᠢ ᠰᠢᠷᠭᠠᠭᠠᠵᠤ᠂ ᠬᠥᠯᠥᠰᠦᠨ ᠮᠥᠩᠭᠦ ᠶᠢ ᠨᠢ ᠬᠤᠶᠠᠷ ᠮᠢᠩᠭ᠎ᠠ ᠲᠠᠪᠤᠨ ᠵᠠᠭᠤ ᠪᠠᠷ ᠬᠡᠯᠡᠯᠴᠡᠨ ᠲᠣᠭᠲᠠᠵᠤ᠂ ᠬᠡᠷᠡᠭᠰᠡᠬᠦ ᠮᠣᠳᠣᠨ ᠮᠠᠲ᠋ᠧᠷᠢᠶᠠᠯ ᠤᠨ | ᠲᠤᠭ᠎ᠠ ᠶᠢ ᠨᠢ ᠠᠰᠠᠭᠤᠵᠤ ᠥᠭᠡᠷ᠎ᠡ ᠬᠡᠷᠡᠭᠰᠡᠬᠦ ᠵᠦᠢᠯ ᠤᠳ ᠢ ᠨᠢ ᠪᠦᠭᠦᠨ ᠢ ᠪᠦᠷᠢᠳᠬᠡᠵᠦ᠂ ᠠᠵᠢᠯ ᠤᠨ ᠵᠠᠪᠰᠠᠷ ᠲᠠᠲᠠᠬᠤ ᠲᠠᠮᠠᠬᠢ ᠶᠢ ᠨᠢ ᠭᠦᠷᠳᠡᠯ᠎ᠡ ᠪᠡᠯᠡᠳᠬᠡᠭᠡᠳ | ᠠᠮᠵᠢᠯ᠎ᠠ᠃ ᠶᠠᠷᠢᠶᠠᠨ ᠦᠭᠡᠢ᠂ ᠥᠬᠢᠨ ᠢᠶᠠᠨ ᠬᠠᠭᠤᠷᠴᠤ ᠪᠠᠶᠢᠭᠠᠳ ᠬᠤᠶᠠᠭᠤᠯᠠ ᠪᠠᠨ ᠰᠠᠶ᠋ᠢᠬᠢ ᠥᠷᠥᠭᠡᠨ ᠤ ᠵᠦᠢᠯ ᠤᠳ ᠢᠶᠠᠨ ᠪᠦᠭᠦᠨ ᠢ ᠨᠦᠭᠦᠭᠡ | ᠦᠷᠦᠭᠡ ᠨᠦᠭᠦᠳ ᠢᠶᠠᠷ ᠢᠶᠠᠨ ᠣᠷᠣᠭᠤᠯᠵᠤ ᠲᠠᠯᠪᠢᠯ᠎ᠠ᠃ ᠮᠠᠷᠭᠠᠰᠢ ᠨᠢ ᠢᠷᠡᠬᠦ ᠪᠠᠷ ᠪᠣᠯᠵᠣᠭᠰᠠᠨ ᠮᠤᠵᠢᠶᠠᠩ ᠦᠳᠡ ᠥᠩᠭᠡᠷᠡᠭᠡᠳ ᠮᠥᠨ ᠪᠠᠷ᠎ᠠ ᠦᠭᠡᠢ᠃ | ᠣᠴᠢᠭᠠᠳ ᠦᠵᠡᠬᠦ ᠳᠤ ᠦᠢᠯᠡᠳᠬᠡᠯ ᠳᠡᠭᠡᠨ ᠠᠯᠠᠭ᠎ᠠ᠃ ᠤᠲᠠᠰᠤ ᠶᠢ ᠨᠢ ᠠᠪᠬᠤ ᠳᠤ ᠵᠠᠯᠭᠠᠭᠳᠠᠬᠤ ᠦᠭᠡᠢ᠃ ᠬᠤᠶᠠᠷ ᠭᠤᠷᠪᠠ ᠬᠤᠨᠣᠭᠠᠳ ᠰᠠᠶ᠋ᠢ ᠨᠢᠭᠡ ᠤᠳᠠᠭ᠎ᠠ | ᠵᠠᠯᠭᠠᠭᠳᠠᠯᠠ ᠳ᠋ᠧ᠃ | - ᠨᠥᠬᠦᠷ ᠴᠢ ᠶᠠᠭᠤ ᠬᠢᠵᠦ ᠪᠠᠶᠢᠬᠤ ᠶᠤᠮ︖ | - ᠬᠥᠳᠡᠭᠡ ᠳᠤ ᠡᠭᠦᠳᠡ ᠴᠣᠩᠬᠤ ᠬᠢᠭᠡᠳ ᠶᠠᠭᠠᠷᠠᠤ ᠪᠠᠶᠢᠨ᠎ᠠ ᠭᠡᠨ᠎ᠡ᠃ ᠵᠣᠯᠢᠭ ᠴᠢᠨᠢ ᠠᠷᠪᠠ ᠶᠢ ᠪᠦᠷᠬᠦᠭᠦᠯᠬᠦ ᠠᠵᠢᠯ ᠠᠴᠠ ᠨᠢᠭᠡ ᠠᠶᠢᠯ ᠢ ᠣᠯᠴᠢᠬᠠᠵᠤ | ᠠᠬ᠎ᠠ ᠶᠢᠨ ᠢᠶᠠᠨ ᠤᠴᠢᠷ ᠢ ᠠᠷᠤ ᠲᠤᠬᠤᠨ ᠳᠠᠭᠠᠨ ᠮᠠᠷᠲᠠᠭᠰᠠᠨ ᠪᠠᠶᠢᠨ᠎ᠠ᠃ | - ᠲᠡᠭᠡᠭᠡᠳ ᠮᠢᠨᠤ ᠭᠡᠷ ᠤᠨ ᠠᠵᠢᠯ ᠢ ᠶᠠᠭᠠᠬᠢᠨᠠᠮ︖ | - ᠠᠬ᠎ᠠ ᠲᠠᠨ ᠢ ᠶᠠᠭᠠᠷᠠᠵᠤ ᠦᠭᠡᠢ ᠪᠠ ᠭᠡᠳ ᠪᠤᠳᠤᠵᠦ ᠁ ᠭᠡᠨ᠎ᠡ᠃ | - ᠡᠴᠢᠭᠡ ᠴᠢᠨᠢ᠂ ᠪᠢ ᠶᠠᠭᠠᠷᠠᠬᠤ ᠦᠭᠡᠢ ᠪᠠᠶᠢᠭᠰᠠᠨ ᠶᠤᠮ ᠪᠣᠯ ᠰᠣᠯᠢᠶ᠎ᠠ ᠣᠷᠣᠭᠠᠳ ᠴᠢᠮᠠᠶᠢ ᠰᠥᠨᠢ ᠳᠦᠯᠢ ᠪᠠᠷ ᠭᠡᠷ ᠲᠡᠭᠡᠨ ᠵᠠᠯᠠᠵᠤ ᠁ ᠭᠡᠵᠦ | ᠬᠤᠷᠣᠰᠤᠨ ᠪᠤᠳᠤᠭᠠᠳ ᠡᠯᠵᠢᠭᠡᠨ ᠠᠭᠠᠰᠢ ᠮᠢᠨᠢ ᠬᠥᠳᠡᠯᠵᠦ ᠤᠲᠠᠰᠤ ᠪᠠᠨ ᠬᠤᠸᠠᠰ ᠬᠢᠲᠡᠯ᠎ᠡ ᠬᠠᠭᠠᠯ᠎ᠠ᠃ ᠵᠣᠭᠤᠰ ᠦᠵᠡᠪᠡᠯ ᠵᠢᠷᠤᠭᠠᠯᠠᠳᠠᠭ ᠶᠢᠷᠲᠢᠨᠴᠦ ᠬᠤᠶᠢᠨ᠎ᠠ᠂ | ᠶᠡᠭᠡ ᠵᠣᠭᠤᠰ ᠦᠵᠡᠭᠡᠳ ᠯᠡ ᠪᠠᠭ᠎ᠠ ᠵᠣᠭᠤᠰ ᠢᠶᠠᠨ ᠬᠠᠶᠠᠭᠰᠠᠨ ᠵᠣᠯᠢᠭ᠃ | ᠠᠷᠭ᠎ᠠ ᠪᠤᠰᠤ ᠮᠣᠳᠣᠨ ᠮᠠᠲ᠋ᠧᠷᠢᠶᠠᠯ ᠪᠣᠷᠣᠯᠠᠭᠤᠯᠳᠠᠭ ᠰᠤᠷᠤᠬᠴᠢ ᠶᠢᠨ ᠢᠶᠠᠨ ᠳᠡᠯᠭᠡᠭᠦᠷ ᠲᠤ ᠭᠦᠷᠦᠯ᠎ᠡ᠃ ᠲᠡᠭᠡᠭᠡᠳ ᠨᠢᠭᠡ ᠨᠣᠮ ᠤᠨ ᠵᠢᠶᠠᠵᠠ ᠬᠢᠯᠭᠡᠬᠦ ᠭᠡᠵᠦ | ᠪᠠᠶᠢᠭ᠎ᠠ ᠪᠠᠨ ᠢᠯᠡᠷᠬᠡᠶᠢᠯᠡᠵᠦ᠂ ᠮᠠᠲ᠋ᠧᠷᠢᠶᠠᠯ ᠢ ᠨᠢ ᠠᠪᠬᠤ ᠶᠢᠨ ᠳᠠᠭᠠᠤ ᠲᠠᠨᠢᠯ ᠮᠤᠵᠢᠶᠠᠩ ᠪᠠᠶᠢᠪᠠᠯ ᠬᠠᠷᠢᠴᠠᠭᠠᠳ ᠥᠭᠬᠦ ᠶᠢ ᠨᠠᠶᠢᠳᠠᠪᠠᠯ᠄ ︽ᠮᠠᠨᠤᠰ ᠤᠨ ᠵᠠᠷᠤᠳᠠᠭ | ᠮᠤᠵᠢᠶᠠᠩ ᠡᠳᠦᠷ ᠲᠡᠭᠡᠨ ᠪᠣᠯ ᠪᠦᠷ ᠬᠢᠭᠡᠳ ᠪᠠᠷᠠᠬᠤ ᠦᠭᠡᠢ ᠠᠵᠢᠯ ᠲᠠᠢ ᠪᠠᠶᠢᠨ᠎ᠠ᠂ ᠬᠠᠷᠢᠨ ᠣᠷᠣᠢ ᠰᠥᠨᠢ ᠪᠠᠷ ᠬᠢᠵᠦ ᠪᠤᠯᠬᠤ ᠳᠤ ᠭᠦᠷᠪᠡᠯ ᠮᠠᠷᠭᠠᠰᠢ ᠭᠡᠷ ᠲᠤ | ᠴᠢᠨᠢ ᠣᠴᠢᠭᠠᠳ ᠬᠡᠮᠵᠢᠶ᠎ᠡ ᠠᠪᠴᠤ ᠪᠣᠯᠣᠨ᠎ᠠ︾ ᠭᠡᠯᠡ᠃ ᠬᠥᠯᠥᠰᠦᠨ ᠵᠣᠭᠤᠰ ᠢ ᠨᠢ ᠪᠤᠳᠤᠵᠦ ᠦᠵᠡᠪᠡᠯ ᠥᠨᠥᠬᠢ ᠬᠥᠳᠡᠭᠡ ᠶᠠᠪᠤᠭᠰᠠᠨ ᠮᠤᠵᠢᠶᠠᠩ ᠠᠴᠠ ᠪᠠᠨ | ᠪᠠᠰᠠ ᠬᠢᠮᠳᠠᠬᠠᠨ ᠲᠤᠯᠠ ᠪᠠᠷᠤᠭ ᠲᠥᠯᠥᠪ ᠪᠣᠯᠤᠮᠠᠷ ᠰᠠᠨᠠᠭᠳᠠᠪᠠ᠃ ᠭᠡᠲᠡᠯ᠎ᠡ ᠴᠠᠭ ᠤᠨ ᠲᠠᠯ᠎ᠠ ᠪᠠᠷ ᠡᠬᠡᠨᠡᠷ ᠢ ᠢᠷᠡᠳᠡᠯ᠎ᠡ ᠪᠠᠷᠠᠵᠤ ᠲᠡᠶᠢᠯᠭᠦ ᠦᠭᠡᠢ ᠠᠶᠤᠯ ᠲᠠᠢ ᠲᠤᠯᠠ | ᠣᠷᠣᠢ ᠪᠣᠯᠣᠭᠠᠳ ᠴᠢᠮᠡᠭᠡ ᠦᠭᠭᠦᠶ᠎ᠡ ᠭᠡᠵᠦ ᠬᠡᠯᠡᠭᠡᠳ ᠥᠭᠡᠷ᠎ᠡ ᠭᠠᠵᠠᠷ ᠤᠳ ᠢᠶᠠᠷ ᠮᠥᠨ ᠦᠵᠡᠬᠦ ᠰᠠᠨᠠᠭᠠᠲᠠᠢ ᠬᠤᠯᠬᠢᠵᠤ ᠭᠠᠷᠴᠤ ᠢᠷᠡᠯ᠎ᠡ᠃ ᠲᠡᠭᠡᠭᠡᠳ ᠰᠠᠶ᠋ᠢᠬᠠᠨ | ᠵᠣᠴᠢᠳ ᠤᠨ ᠪᠠᠭᠤᠳᠠᠯ ᠡᠷᠭᠢᠯᠡᠭᠰᠡᠨ ᠨᠠᠶᠢᠵᠠ ᠬᠦᠷᠡᠯᠰᠦ᠋ᠬᠡ ᠶᠢᠨ ᠵᠠᠬ᠎ᠠ ᠳᠤ ᠣᠴᠢᠪᠠ᠃ ᠮᠤᠵᠢᠶᠠᠩ ᠡᠷᠢᠵᠦ ᠥᠭᠬᠦ ᠶᠢ ᠭᠤᠶᠤᠪᠠᠯ᠄ ︽ᠮᠤᠵᠢᠶᠠᠩ ᠴᠤ ᠪᠣᠯ | ᠪᠠᠶᠢᠨ᠎ᠠ ᠰᠢᠤ᠂ ᠵᠣᠯᠢᠭ ᠤᠳ ᠴᠢᠨᠢ ᠠᠵᠢᠯ ᠠᠷᠪᠢᠨ ᠪᠣᠯᠣᠭᠠᠳ ᠠᠪᠬᠤ ᠬᠥᠯᠥᠰᠦ ᠨᠢ ᠳᠠᠩᠴᠤ ᠦᠨᠡᠲᠡᠢ ᠪᠠᠶᠢᠭᠠᠳ ᠪᠠᠶᠢᠬᠤ ᠶᠤᠮ︾ ᠭᠡᠵᠦ ᠰᠡᠷᠡᠮᠵᠢᠯᠡᠭᠦᠯᠪᠡ᠃ | ᠪᠢ ᠨᠢᠭᠡ ᠬᠤᠶᠠᠷ ᠲᠠᠢ ᠨᠢ ᠬᠠᠷᠢᠴᠠᠵᠤ ᠦᠵᠡᠬᠦ ᠶᠢ ᠰᠠᠨᠠᠪᠠᠯ ︽ᠪᠣᠯᠤᠯᠭᠦᠢ︾ ᠭᠡᠳ ᠨᠠᠳᠠ ᠬᠤᠶᠠᠷ ᠮᠤᠵᠢᠶᠠᠩ ᠤᠨ ᠨᠡᠷ᠎ᠡ ᠶᠢᠨ ᠬᠠᠭᠤᠳᠠᠰᠤ ᠭᠠᠷᠳᠠᠭᠤᠯᠵᠠᠢ᠃ | ᠤᠲᠠᠰᠤᠳᠠᠪᠠᠯ ᠨᠢᠭᠡ ᠨᠢ ᠪᠠᠰᠠ ᠬᠥᠳᠡᠭᠡ ᠶᠠᠪᠤᠭᠰᠠᠨ ᠪᠠᠶᠢᠯ᠎ᠠ᠃ ᠨᠦᠭᠦᠭᠡ ᠨᠢᠭᠡ ᠨᠢ ᠦᠳᠡ ᠶᠢᠨ ᠠᠯᠳᠠ ᠪᠠᠷ ᠭᠡᠷ ᠲᠤ ᠢᠷᠡᠵᠦ ᠦᠵᠡᠬᠦ ᠪᠠᠷ ᠲᠣᠬᠢᠷᠠᠯᠴᠠᠪᠠ᠃ | ᠦᠳᠡ ᠶᠢᠨ ᠬᠤᠶᠢᠨ᠎ᠠ ᠪᠣᠯᠣᠭᠠᠳ ᠭᠦᠷᠦᠭᠡᠳ ᠢᠷᠡᠯ᠎ᠡ᠃ ᠠᠵᠢᠯ ᠤᠨ ᠬᠠᠨᠢ ᠪᠠᠨ ᠭᠡᠳ ᠪᠠᠰᠠ ᠬᠤᠶᠠᠷ ᠬᠥᠮᠥᠨ ᠳᠠᠭᠠᠭᠤᠯᠴᠢᠬᠠᠭᠰᠠᠨ᠂ ᠪᠦᠭᠦ ᠠᠵᠢᠯ ᠢ ᠰᠣᠨᠣᠰᠴᠤ | ᠪᠠᠷᠠᠭᠠᠳ ᠤᠷᠤᠭᠤᠯ ᠨᠢ ᠢᠷᠪᠠᠶᠢᠭᠠᠳ ᠶᠠᠪᠤᠴᠢᠬᠠᠪᠠ᠃ ᠲᠡᠳᠡ ᠪᠤᠳᠤᠬᠤ ᠳᠠᠭᠠᠨ ᠰᠢᠨ᠎ᠡ ᠭᠡᠷ ᠠᠪᠤᠭᠰᠠᠨ ᠬᠥᠮᠥᠨ ᠭᠡᠷ ᠢᠶᠠᠨ ᠴᠢᠮᠡᠭᠯᠡᠬᠦ ᠪᠠᠷ ᠪᠠᠶᠢᠨ᠎ᠠ ᠭᠡᠵᠦ | ᠪᠤᠳᠤᠵᠦ ᠭᠡᠨ᠎ᠡ᠃ ᠡᠶᠢᠮᠦ ᠵᠢᠭᠠᠬᠠᠨ ᠠᠳᠠᠯ ᠢ ᠪᠣᠯ ᠲᠤᠰᠬᠤ ᠴᠢᠯᠦᠭᠡ ᠦᠭᠡᠢ ᠨᠢ ᠢᠯᠡᠷᠬᠡᠢ᠃ ᠲᠡᠭᠡᠴᠢᠬᠡᠭᠡᠳ ᠬᠡᠳᠦᠢ ᠬᠠᠩᠰᠢ ᠪᠠᠷ ᠬᠢᠯᠭᠡᠬᠦ ᠰᠠᠨᠠᠭᠠᠲᠠᠢ ᠶᠤᠮ︖ | ᠭᠡᠵᠦ ᠠᠰᠠᠭᠤᠨ᠎ᠠ᠃ ᠪᠢ ᠬᠤᠶᠠᠳᠠᠭᠢ ᠮᠤᠵᠢᠶᠠᠩ ᠤᠨ ᠬᠠᠩᠰᠢ ᠠᠴᠠ ᠬᠤᠶᠠᠷ ᠵᠠᠭᠤ ᠲᠠᠲᠠᠭᠤ ᠪᠠᠷ ᠬᠡᠯᠡᠭᠡᠳ ᠠᠪᠤᠭᠰᠠᠨ ᠴᠢᠨᠢ ᠢᠲᠡᠭᠡᠬᠦ ᠦᠭᠡᠢ ᠮᠠᠶ᠋ᠢᠭᠲᠠᠢ ᠨᠢᠳᠦ | ᠭᠤᠷᠪᠠᠯᠵᠢᠯᠠᠵᠤ᠄ ︽ᠶᠠᠭᠤ ᠭᠡᠨ᠎ᠡ︖ ᠮᠢᠩᠭ᠎ᠠ ᠨᠠᠢᠮᠠᠨ ᠵᠠᠭᠤ ᠭᠡᠨ᠎ᠡ︖ ᠲᠠ ᠭᠤᠷᠪᠠᠨ ᠮᠢᠩᠭ᠎ᠠ ᠥᠭᠭᠦᠭᠡᠳ ᠪᠢᠳᠡ ᠪᠠᠰᠠ ᠬᠢᠬᠦ ᠴᠢᠯᠦᠭᠡ ᠦᠭᠡᠢ ᠰᠢᠤ︾ ᠭᠡᠳ | ᠡᠭᠦᠳᠡ ᠰᠠᠪᠠᠨ ᠭᠠᠷᠴᠤ ᠶᠠᠪᠤᠪᠠ᠃ | ᠵᠠ ᠶᠡᠷᠦᠨᠢ ᠥᠭᠡᠷ᠎ᠡ ᠡᠷᠢᠬᠦ ᠶᠢ ᠪᠣᠯᠢᠶ᠎ᠠ ᠭᠡᠳ ᠰᠠᠨᠳᠤᠷᠤᠨ ᠮᠣᠳᠣᠨ ᠮᠠᠲ᠋ᠧᠷᠢᠶᠠᠯ ᠬᠤᠳᠠᠯᠳᠤᠳᠠᠭ ᠰᠤᠷᠤᠬᠴᠢ ᠶᠢᠨ ᠵᠠᠬ᠎ᠠ ᠳᠠᠭᠠᠨ ᠬᠠᠲᠠᠷᠢᠭᠤᠯᠤᠭᠠᠳ ᠭᠦᠷᠦᠯ᠎ᠡ᠃ | ᠰᠠᠶ᠋ᠢᠬᠢ ᠮᠤᠵᠢᠶᠠᠩ ᠮᠥᠨ ᠠᠵᠢᠯ ᠲᠠᠢ ᠪᠣᠯᠴᠢᠬᠠᠵᠤ᠂ ᠥᠭᠡᠷ᠎ᠡ ᠨᠢᠭᠡ ᠬᠡᠯᠡᠯᠴᠡᠭᠡᠳ ᠥᠭᠭᠦᠭᠰᠡᠨ ᠨᠢ ᠲᠥᠯᠥᠪᠯᠡᠭᠰᠡᠨ ᠵᠢᠷᠤᠭ ᠢ ᠦᠵᠡᠵᠦ ᠪᠠᠷᠠᠭᠠᠳ᠄ ︽ᠴᠢᠨᠦ | ᠡᠨᠡ ᠠᠵᠢᠯ ᠭᠤᠷᠪᠠᠨ ᠡᠳᠦᠷ ᠲᠤ ᠪᠠᠷᠠᠬᠤ ᠪᠠᠷ ᠠᠵᠢᠯ ᠪᠠᠶᠢᠨ᠎ᠠ᠃ ᠬᠥᠯᠥᠰᠦᠨ ᠮᠥᠩᠭᠦ ᠬᠤᠶᠠᠷ ᠮᠢᠩᠭ᠎ᠠ ᠵᠢᠷᠭᠤᠭᠠᠨ ᠵᠠᠭᠤ ᠣᠷᠴᠢᠮ ᠭᠦᠷᠦᠨ᠎ᠡ᠂ ᠰᠤᠷᠤᠬᠴᠢ ᠶᠢᠨ | ᠴᠢᠨᠢ ᠨᠢᠭᠤᠷ ᠢ ᠬᠠᠷᠠᠭᠠᠳ ᠬᠤᠶᠠᠷ ᠮᠢᠩᠭ᠎ᠠ ᠪᠠᠷ ᠬᠢᠵᠦ ᠦᠭᠭᠦᠶ᠎ᠡ᠂ ᠪᠢ ᠪᠠᠷᠤᠭ ᠯᠡ ᠴᠢᠮᠠᠳᠤ ᠵᠦᠭᠡᠷ ᠬᠢᠵᠦ ᠥᠭᠴᠦ ᠪᠠᠶᠢᠭ᠎ᠠ ᠲᠠᠢ ᠠᠳᠠᠯᠢ ᠰᠢᠤ︾ ᠭᠡᠯᠡ᠃ ︽ | ᠬᠤᠶᠠᠷ ᠮᠢᠩᠭ᠎ᠠ ᠪᠣᠯ ᠬᠤᠶᠠᠷ ᠮᠢᠩᠭ᠎ᠠ᠃ ᠴᠠᠭ ᠲᠠᠭᠠᠨ ᠪᠠᠷᠠᠪᠠᠯ ᠪᠣᠯᠴᠢᠬᠠᠨ᠎ᠠ︾ ᠭᠡᠪᠡᠯ᠄ ︽ᠡᠷᠲᠡ ᠣᠷᠣᠢ ᠳᠠᠭᠠᠨ ᠪᠦᠷ ᠬᠢᠨ᠎ᠡ᠂ ᠲᠠᠪᠤᠨ ᠡᠳᠦᠷ ᠲᠤ ᠪᠦᠭᠦᠨ ᠢ | ᠪᠠᠷᠠᠭᠠᠨ᠎ᠠ︾ ᠭᠡᠪᠡ᠃ ᠲᠡᠭᠡᠭᠡᠳ ᠵᠢᠷᠤᠭ ᠲᠥᠰᠥᠪ ᠢ ᠳᠠᠬᠢᠨᠲᠠ ᠶᠠᠷᠢᠯᠴᠠᠵᠤ᠂ ᠭᠡᠷ ᠲᠤ ᠢᠷᠡᠵᠦ ᠬᠡᠮᠵᠢᠶ᠎ᠡ ᠶᠢ ᠨᠢ ᠠᠪᠤᠭᠠᠳ ᠬᠡᠷᠡᠭᠰᠡᠬᠦ ᠮᠣᠳᠣᠨ ᠮᠠᠲ᠋ᠧᠷᠢᠶᠠᠯ ᠤᠨ | ᠲᠤᠭ᠎ᠠ ᠭᠠᠷᠭᠠᠪᠠ᠃ | ᠬᠤᠶᠠᠷ ᠡᠳᠦᠷ ᠪᠣᠯᠣᠭᠠᠳ ᠴᠢᠮᠡᠭᠡ ᠦᠭᠡᠢ ᠲᠤᠯᠠ ᠮᠤᠵᠢᠶᠠᠩ ᠢ ᠡᠷᠢᠭᠡᠳ ᠣᠴᠢᠪᠠ᠃ ᠮᠤᠵᠢᠶᠠᠩ ᠨᠥᠬᠦᠷ ᠪᠠᠶᠢᠭᠰᠠᠨ ᠦᠭᠡᠢ᠂ ᠮᠣᠳᠣᠨ ᠮᠠᠲ᠋ᠧᠷᠢᠶᠠᠯ | ᠬᠤᠳᠠᠯᠳᠤᠳᠠᠭ ᠰᠤᠷᠤᠬᠴᠢ ᠮᠢᠨᠢ᠄ ︽ᠬᠤᠷᠭᠤ ᠪᠠ ᠨᠣᠮ ᠤᠨ ᠵᠢᠶᠠᠵᠠ ᠶᠢ ᠴᠢᠨᠢ ᠪᠦᠷ ᠵᠦᠰᠦᠭᠡᠳ ᠪᠠᠷᠠᠭᠰᠠᠨ᠂ ᠬᠡᠷᠪᠡ ᠣᠷᠣᠢ ᠭᠡᠷ ᠲᠡᠭᠡᠨ ᠬᠥᠮᠥᠨ ᠲᠠᠢ ᠪᠣᠯ | ᠡᠨᠡ ᠣᠷᠣᠢ ᠳᠠᠷᠤᠢ ᠭᠡᠷ ᠲᠤ ᠴᠢᠨᠢ ᠣᠴᠢᠵᠤ ᠬᠡᠷᠡᠮ ᠳᠡᠭᠡᠷ᠎ᠡ ᠴᠢᠨᠢ ᠬᠠᠳᠠᠵᠦ ᠦᠭᠭᠦᠶ᠎ᠡ︾ ᠭᠡᠯᠡ᠃ ︽ᠫᠢᠱ ᠲᠠᠱ ᠫᠢᠱ ᠲᠠᠱ ᠁︾ ᠬᠠᠳᠠᠭᠠᠰᠤᠨ ᠫᠤᠤ ᠶᠢᠨ | ᠲᠠᠭᠤᠨ ᠴᠢᠬᠢᠨ ᠬᠡᠩᠭᠡᠷᠭᠡ ᠶᠢ ᠳᠡᠯᠡᠳᠦᠭᠡᠳ ᠲᠡᠰᠬᠦ ᠦᠭᠡᠢ ᠲᠤᠯᠠ ᠪᠢ ᠥᠬᠢᠨ ᠢᠶᠠᠨ ᠳᠠᠭᠠᠭᠤᠯᠤᠭᠠᠳ ᠭᠠᠳᠠᠭᠤᠷ ᠲᠣᠭᠤᠷᠢᠵᠤ᠂ ᠪᠠᠭ᠎ᠠ ᠰᠠᠭ᠎ᠠ ᠵᠢᠮᠢᠰ ᠪᠤᠭᠤᠷᠰᠤᠭ | ᠠᠪᠤᠭᠠᠳ ᠭᠡᠷ ᠲᠡᠭᠡᠨ ᠪᠤᠴᠠᠨ ᠢᠷᠡᠬᠦ ᠳᠤ ᠬᠤᠷᠭᠤᠨ ᠤ ᠶᠠᠩᠵᠤ ᠲᠥᠯᠥᠪ ᠨᠢ ᠨᠢᠭᠡᠨᠲᠡ ᠭᠠᠷᠴᠢᠬᠠᠭᠰᠠᠨ ᠪᠠᠶᠢᠯ᠎ᠠ᠃ ᠮᠤᠵᠢᠶᠠᠩ ᠭᠤᠸᠠᠢ ᠬᠠᠳᠠᠭᠠᠰᠤᠯᠠᠬᠤ | ᠫᠤᠤ ᠶᠢᠨ ᠢᠶᠠᠨ ᠴᠠᠭᠢᠯᠭᠠᠨ ᠤᠲᠠᠰᠤ ᠶᠢ ᠰᠤᠭᠤᠯᠵᠤ᠄ ︽ᠮᠠᠷᠭᠠᠰᠢ ᠥᠷᠯᠥᠭᠡ ᠡᠷᠲᠡ ᠢᠷᠡᠵᠦ ᠬᠠᠭᠠᠯᠭ᠎ᠠ ᠶᠢ ᠨᠢ ᠲᠠᠭᠠᠷᠠᠭᠤᠯᠵᠦ ᠦᠭᠭᠦᠶ᠎ᠡ︾ ᠭᠡᠳ ᠶᠠᠪᠤᠪᠠ᠃ | ᠪᠤᠷᠬᠠᠨ ᠠ᠋᠂ ᠮᠤᠵᠢᠶᠠᠩ ᠤᠨ ᠠᠳᠠᠯ ᠭᠡᠳᠡᠭ ᠴᠢᠨᠢ ᠪᠦᠷ ᠡᠶᠢᠮᠦ ᠪᠣᠯᠴᠢᠬᠠᠵᠤ ᠤᠤ ᠳ᠋ᠠ᠂ ᠨᠠᠮᠠᠶᠢ ᠪᠠᠭ᠎ᠠ ᠪᠠᠶᠢᠬᠤ ᠳᠤ ᠬᠢᠷᠦᠭᠡ ᠪᠠᠷ ᠮᠣᠳᠣ ᠵᠦᠰᠦᠬᠦ᠂ ᠤᠭᠤᠯᠢ | ᠬᠠᠷᠤᠭᠤᠯ ᠢᠶᠠᠷ ᠴᠠᠪᠴᠢᠵᠤ ᠬᠠᠷᠤᠭᠤᠯᠳᠤᠬᠤ᠂ ᠴᠦᠴᠡ ᠪᠠᠷ ᠨᠦᠬᠡ ᠴᠤᠭᠤᠯᠬᠤ᠂ ᠴᠠᠪᠠᠤ ᠴᠢᠨᠠᠬᠤ ᠁ ᠭᠡᠳ ᠬᠡᠳᠦᠢ ᠴᠤ ᠲᠦᠪᠡᠭ ᠲᠠᠢ ᠮᠡᠷᠭᠡᠵᠢᠯ ᠤᠨ ᠠᠳᠠᠯ | ᠪᠠᠶᠢᠭᠰᠠᠨ ᠪᠢᠯᠡ ᠳ᠋ᠧ᠃ ᠡᠶᠢᠮᠦ ᠯᠡ ᠠᠮᠠᠷᠬᠠᠨ ᠲᠠᠭᠠᠷᠠᠭᠤᠯᠴᠢᠬᠠᠬᠤ ᠶᠢ ᠮᠡᠳᠡᠭᠰᠡᠨ ᠪᠣᠯ ᠪᠢ ᠥᠪᠡᠷ ᠢᠶᠠᠨ ᠬᠢᠴᠢᠬᠡᠪᠡᠴᠦ ᠴᠢᠳᠠᠮᠠᠷ ᠰᠢᠤᠬᠠᠨ ᠰᠠᠨᠠᠭᠳᠠᠪᠠ᠃ | ᠨᠣᠮ ᠤᠨ ᠬᠤᠷᠭᠤ ᠪᠠᠨ ᠵᠣᠬᠢᠶᠠᠵᠤ ᠪᠠᠷᠠᠲᠠᠯ᠎ᠠ ᠭᠦᠭᠡᠬᠤᠳᠠ ᠳᠤ ᠬᠤᠷᠠᠯ ᠲᠠᠢ ᠪᠣᠯᠵᠤ ᠪᠢ ᠶᠠᠪᠤᠭᠠᠳ ᠦᠭᠭᠦᠯ᠎ᠡ᠃ ᠬᠤᠷᠠᠯ ᠤᠨ ᠵᠠᠪᠰᠠᠷ ᠡᠬᠡᠨᠡᠷ ᠨᠣᠶᠠᠨ | ᠬᠠᠷᠢᠭᠠᠳ ᠢᠷᠡᠭᠰᠡᠭᠡᠷ ᠶᠠᠭᠠᠬᠢᠳᠠᠭ ᠪᠣᠯ ᠭᠡᠵᠦ ᠪᠢ ᠨᠢᠭᠡ ᠬᠤᠶᠠᠷ ᠤᠳᠠᠭ᠎ᠠ ᠪᠤᠳᠤᠵᠦ ᠠᠮᠵᠢᠪᠠ᠃ ᠬᠠᠷᠢᠭᠠᠳ ᠢᠷᠡᠬᠦ ᠳᠤ ᠡᠬᠡ ᠥᠬᠢᠨ ᠬᠤᠶᠠᠷ ᠪᠦᠷ | ᠰᠤᠷᠭᠠᠭᠤᠯᠢ ᠳᠠᠭᠠᠨ ᠶᠠᠪᠤᠭᠠᠳ ᠪᠠᠶᠢᠪᠠ᠃ ᠪᠢ ᠨᠣᠮ ᠤᠨ ᠬᠤᠷᠭᠤ ᠪᠠᠨ ᠣᠷᠣᠵᠤ ᠦᠵᠡᠪᠡᠯ ᠪᠦᠷ ᠡᠮᠬᠢ ᠲᠢᠭ ᠲᠠᠢ ᠪᠣᠯᠭᠠᠭᠠᠳ ᠪᠠᠶᠢᠭ᠎ᠠ ᠨᠢ ᠦᠵᠡᠭᠳᠡᠨ᠎ᠡ᠃ | ᠭᠡᠷ ᠤᠨ ᠠᠲᠠᠷ ᠢ ᠲᠣᠭᠤᠷᠢᠭᠤᠯᠤᠨ ᠵᠣᠬᠢᠶᠠᠭᠰᠠᠨ ᠳᠡᠭᠦᠵᠢᠩ ᠬᠤᠷᠭᠤᠨ ᠳᠤ ᠢᠯᠡᠭᠦᠴᠡ ᠭᠦᠨᠵᠢᠯᠡ ᠳᠡᠪᠢᠰᠬᠡᠷ᠂ ᠬᠠᠶᠢᠷᠴᠠᠭ ᠲᠠᠢ ᠭᠤᠳᠤᠯ ᠬᠢᠵᠦ ᠳᠦᠭᠦᠷᠭᠡᠵᠡᠢ᠃ | ᠬᠤᠪᠴᠠᠰᠤᠨ ᠬᠤᠶᠠᠷ ᠬᠤᠷᠭᠤᠨ ᠳᠤ ᠡᠬᠡᠨᠡᠷ ᠪᠢᠳᠡ ᠬᠤᠶᠠᠷ ᠤᠨ ᠲᠦᠷᠪᠡᠨ ᠤᠯᠠᠷᠢᠯ ᠤᠨ ᠬᠤᠪᠴᠠᠰᠤ ᠪᠠᠨ ᠡᠯᠭᠦᠵᠡᠢ᠃ ᠥᠬᠢᠨ ᠳᠤ ᠵᠣᠬᠢᠶᠠᠭᠰᠠᠨ ᠣᠷᠣᠨ ᠳᠡᠭᠡᠷ᠎ᠡ | ᠮᠢᠨᠤ ᠣᠷᠣ ᠶᠢ ᠲᠡᠭᠰᠢᠬᠡᠨ ᠬᠤᠷᠢᠶᠠᠵᠠᠢ᠃ ᠨᠣᠮ ᠤᠨ ᠬᠤᠷᠭᠤ ᠶᠢ ᠰᠢᠨᠵᠢᠯᠡᠵᠦ ᠦᠵᠡᠪᠡᠯ ᠡᠬᠡ ᠥᠬᠢᠨ ᠬᠤᠶᠠᠭᠤᠯᠠ ᠶᠢᠨ ᠨᠣᠮ ᠭᠤᠷᠪᠠᠨ ᠤ ᠬᠤᠶᠠᠷ ᠢᠯᠡᠭᠦᠦ ᠶᠢ | ᠡᠵᠡᠯᠡᠵᠦ᠂ ᠦᠨᠡᠮᠯᠡᠯ ᠮᠧᠲᠠᠯ ᠲᠠᠯᠪᠢᠨ᠎ᠠ ᠭᠡᠰᠡᠨ ᠭᠠᠵᠠᠷ ᠨᠢ ᠪᠦᠷ ᠬᠠᠵᠢᠤᠬᠠᠢ ᠶᠢᠨ ᠬᠠᠶᠢᠷᠴᠠᠭ ᠪᠣᠯᠵᠤ ᠶᠡᠬᠡᠯ᠎ᠡ ᠲᠠᠭᠠᠷᠠᠵᠠᠢ᠃ ᠬᠠᠷᠢᠨ ᠮᠢᠨᠤ ᠨᠣᠮ ᠤᠳ ᠤᠨ | ᠣᠯᠠᠩᠬᠢ ᠶᠢ ᠨᠢ ᠣᠷᠣᠨ ᠳᠣᠣᠭᠤᠷ ᠴᠢᠬᠢᠨ ᠣᠷᠣᠭᠤᠯᠵᠤ᠂ ᠤᠤᠯ ᠤᠨ ᠬᠡᠪ ᠢᠶᠠᠷ ᠢᠶᠠᠨ ᠴᠠᠭᠠᠰᠤᠨ ᠬᠠᠶᠢᠷᠴᠠᠭ ᠲᠠᠭᠠᠨ ᠨᠦᠢᠷᠰᠤᠭᠰᠠᠭᠠᠷ ᠠᠪᠠᠢ᠃ | ᠬᠡᠳᠦᠨ ᠡᠳᠦᠷ ᠪᠣᠯᠣᠭᠠᠳ ᠪᠢ ᠥᠬᠢᠨ ᠲᠠᠢ ᠪᠠᠨ ᠵᠥᠪᠳᠡᠵᠦ᠄ ︽ᠴᠢᠨᠦ ᠬᠠᠮᠲᠤ ᠰᠤᠷᠤᠬᠴᠢ ᠴᠢᠨᠢ ᠪᠦᠷ ᠥᠪᠡᠷ ᠤᠨ ᠭᠡᠰᠡᠨ ᠤᠨᠲᠠᠬᠤ ᠦᠷᠦᠭᠡ ᠲᠠᠢ ᠰᠢᠤ᠂ | ᠠᠪᠤ ᠨᠢ ᠲᠡᠷᠡᠬᠦ ᠦᠷᠦᠭᠡ ᠶᠢ ᠴᠢᠮᠠᠳᠤ ᠵᠣᠬᠢᠶᠠᠵᠤ ᠥᠭᠭᠦᠭᠰᠡᠨ ᠶᠤᠮ᠂ ᠵᠤᠨ ᠤ ᠬᠠᠯᠠᠭᠤᠨ ᠳᠤ ᠲᠡᠷᠡ ᠦᠷᠦᠭᠡ ᠮᠠᠰᠢ ᠰᠡᠷᠢᠭᠦᠨ ᠰᠢᠤ᠂ ᠴᠢ ᠥᠪᠡᠷ ᠤᠨ | ᠰᠠᠨᠠᠭ᠎ᠠ ᠪᠠᠷ ᠢᠶᠠᠨ ᠴᠢᠮᠡᠭᠯᠡᠵᠦ ᠪᠣᠯᠣᠨ᠎ᠠ︾ ᠭᠡᠲᠡᠯ᠎ᠡ ᠥᠬᠢᠨ ︽ᠪᠢ ᠭᠠᠭᠴᠠᠭᠠᠷ ᠤᠨᠲᠠᠪᠠᠯ ᠠᠶᠤᠨ᠎ᠠ︾ ᠭᠡᠴᠢᠬᠡᠪᠡ᠃ ᠡᠪᠦᠯ ᠨᠢ ᠪᠣᠯᠣᠭᠠᠳ ᠲᠡᠷᠡᠬᠦ ᠦᠷᠦᠭᠡ | ᠬᠦᠢᠲᠡᠨ ᠨᠢ ᠠᠷᠭ᠎ᠠ ᠦᠭᠡᠢ ᠲᠤᠯᠠ ᠪᠢ ᠶᠠᠭᠤ ᠴᠤ ᠳᠤᠤᠭᠠᠷᠤᠭᠰᠠᠨ ᠦᠭᠡᠢ᠂ ᠬᠤᠨᠢᠨ ᠠᠷᠠᠰᠤᠨ ᠳᠡᠪᠢᠰᠬᠡᠷ ᠢᠶᠠᠨ ᠳᠡᠪᠢᠰᠦᠭᠡᠳ ᠯᠡ ᠠᠷᠭᠠᠯᠠᠵᠤ ᠥᠩᠭᠡᠷᠡᠪᠡ᠃ | ᠬᠠᠶᠠ ᠬᠠᠶᠢᠷᠴᠠᠭ ᠲᠠᠭᠠᠨ ᠪᠠᠶᠢᠭ᠎ᠠ ᠬᠠᠵᠢᠤᠬᠠᠢ ᠶᠢ ᠬᠠᠷᠠᠭᠠᠳ ᠬᠡᠪᠲᠡᠬᠦ ᠳᠤ ᠪᠢ ᠥᠪᠡᠷ ᠢᠶᠠᠨ ᠪᠠᠰᠠ ᠨᠢᠭᠡ ᠬᠠᠵᠢᠤᠬᠠᠢ ᠪᠣᠯᠴᠢᠬᠠᠭᠰᠠᠨ ᠰᠢᠭ᠋ ᠰᠠᠨᠠᠭᠳᠠᠨ᠎ᠠ ᠪᠢᠯᠡ᠃ | | ᠬᠡᠵᠢᠶ᠎ᠡ ᠬᠤᠶᠢᠨ᠎ᠠ ᠨᠢ ᠨᠢᠭᠡ ᠡᠳᠦᠷ ᠬᠠᠳᠠᠮ ᠠᠪᠤ ᠮᠠᠨ ᠤ ᠳᠤ ᠬᠤᠭᠤᠯᠠ ᠢᠳᠡᠬᠦ ᠪᠠᠷ ᠢᠷᠡᠭᠡᠳ ᠬᠠᠵᠢᠤᠬᠠᠢ ᠶᠢᠨ ᠦᠷᠦᠭᠡ ᠪᠠᠷ ᠣᠷᠣᠵᠤ ᠦᠵᠡᠭᠡᠳ᠄ ︽ᠡᠨᠡ | ᠬᠤᠷᠭᠤ ᠨᠤᠭᠤᠳ ᠢ ᠶᠡᠭᠡ ᠰᠠᠶᠢᠬᠠᠨ ᠵᠣᠬᠢᠶᠠᠵᠠᠢ︾ ᠭᠡᠵᠦ ᠮᠠᠭᠲᠠᠪᠠ᠃ |