ᠪᠡᠯᠳᠦ ᠵᠥᠭᠡᠢ ᠨᠦᠭᠦᠳ ᠶᠡᠭᠡ ᠯᠡ ᠠᠭᠤᠷᠯᠠᠵᠤ᠂ ᠠᠮᠢᠳᠠᠨ ᠤ ᠰᠢᠭᠦᠭᠴᠢ ᠨᠣᠶᠠᠨ ᠠᠷᠰᠯᠠᠨ ᠢ ᠡᠷᠢᠵᠦ ᠣᠴᠢᠭᠠᠳ ᠬᠦᠷᠡᠩ ᠪᠠᠭᠠᠪᠠᠭᠠᠢ ᠶᠢᠨ ᠪᠡᠯ ᠳᠡᠭᠡᠷᠡᠮᠳᠡᠵᠦ | ᠢᠳᠡᠭᠰᠡᠨ ᠤᠴᠢᠷ ᠢ ᠵᠠᠭᠠᠯᠳᠤᠵᠠᠢ᠄ | ︽ᠲᠠ ᠨᠠᠷ ᠲᠡᠭᠦᠨ ᠢ ᠬᠠᠳᠬᠤᠳᠠᠭ ᠦᠭᠡᠢ ᠶᠤᠮ ᠦᠦ︖︾ ᠭᠡᠬᠦ ᠳᠤ ᠪᠡᠯᠳᠦ ᠵᠥᠭᠡᠢ ᠨᠦᠭᠦᠳ᠄ ︽ᠤᠤᠯ ᠨᠢ ᠬᠠᠳᠬᠤᠭᠠᠳ ᠬᠥᠭᠡᠭᠡᠴᠢᠬᠡᠳᠡᠭ ᠪᠠᠶᠢᠭᠰᠠᠨ | ᠶᠤᠮ᠃ ᠣᠳᠤ ᠪᠡᠶ᠎ᠡ ᠳᠡᠭᠡᠨ ᠬᠤᠶᠠᠭ ᠡᠮᠦᠰᠦᠭᠡᠳ ᠶᠠᠭᠠᠬᠢᠵᠤ ᠬᠠᠳᠬᠤᠯᠠ ᠭᠡᠳ ᠲᠡᠶᠢᠯᠭᠦ ᠦᠭᠡᠢ ᠪᠣᠯᠴᠢᠬᠠᠯ᠎ᠠ᠃ ᠮᠠᠨ ᠤ ᠦᠷᠡᠭᠳᠡᠯ ᠰᠦᠢᠳᠦᠯ ᠴᠣ᠋ ᠶᠡᠭᠡ ᠪᠠᠶᠢᠨ᠎ᠠ | ︾ ᠭᠡᠵᠦ ᠭᠤᠮᠣᠳᠠᠯ ᠲᠣᠭᠠᠴᠢᠬᠤ ᠳᠤ ᠠᠮᠢᠳᠠᠨ ᠤ ᠰᠢᠭᠦᠭᠴᠢ ᠠᠷᠰᠯᠠᠨ ᠬᠦᠷᠡᠩ ᠪᠠᠭᠠᠪᠠᠭᠠᠢ ᠶᠢ ᠳᠠᠭᠤᠳᠠᠵᠤ ᠢᠷᠡᠭᠦᠯᠦᠭᠡᠳ᠄ | ︽ᠴᠢ ᠶᠠᠭᠠᠬᠢᠭᠠᠳ ᠪᠡᠯᠳᠦ ᠵᠥᠭᠡᠢ ᠶᠢᠨ ᠪᠡᠯ ᠢ ᠳᠡᠭᠡᠷᠡᠮᠳᠡᠵᠦ ᠢᠳᠡᠭᠡᠳ ᠪᠠᠶᠢᠳᠠᠭ ᠶᠤᠮ︖︾ ᠭᠡᠵᠦ ᠠᠰᠠᠭᠤᠬᠤ ᠳᠤ ᠬᠦᠷᠡᠩ ᠪᠠᠭᠠᠪᠠᠭᠠᠢ ᠣᠷᠣᠭᠤᠯ ᠢᠶᠠᠨ | ᠳᠣᠯᠢᠶᠠᠵᠤ᠄ | ︽ᠪᠢ ᠢᠳᠡᠬᠦ ᠳᠤᠷᠠᠲᠠᠢ︾ ᠭᠡᠪᠡ᠃ | ︽ᠴᠢ ᠢᠳᠡᠬᠦ ᠦᠭᠡᠢ ᠪᠠᠶᠢᠵᠤ ᠪᠤᠯᠬᠤ ᠦᠭᠡᠢ ᠦᠦ︖︾ ᠭᠡᠵᠦ ᠠᠷᠰᠯᠠᠨ ᠥᠭᠦᠯᠡᠬᠦ ᠳᠤ ᠬᠦᠷᠡᠩ ᠪᠠᠭᠠᠪᠠᠭᠠᠢ ᠥᠭᠡᠳᠡ ᠠᠴᠠ ᠨᠢ᠄ | ︽ᠲᠠ ᠤᠰᠤ ᠤᠤᠭᠤᠬᠤ ᠦᠭᠡᠢ ᠪᠠᠶᠢᠵᠤ ᠪᠣᠯᠣᠨ᠎ᠠ ᠦᠦ︖︾ ᠭᠡᠵᠦ ᠬᠠᠷᠢᠭᠤ ᠮᠣᠬᠤᠭᠠᠯᠠ᠃ ᠠᠷᠰᠯᠠᠨ ᠲᠠᠭᠯᠠᠷᠠᠭᠠᠳ᠂ ᠬᠦᠷᠡᠩ ᠪᠠᠭᠠᠪᠠᠭᠠᠢ ᠶᠢ ᠲᠠᠯᠪᠢᠵᠤ | ᠶᠠᠪᠤᠭᠤᠯᠪᠠ᠃ ᠠᠮᠲᠠᠰᠢᠭᠰᠠᠨ ᠬᠦᠷᠡᠩ ᠪᠠᠭᠠᠪᠠᠭᠠᠢ ᠵᠠᠮ ᠳᠠᠭᠠᠨ ᠪᠠᠰᠠ ᠪᠡᠯᠳᠦ ᠵᠥᠭᠡᠢ ᠶᠢᠨ ᠡᠭᠦᠷ ᠢ ᠲᠠᠭᠠᠷᠢᠵᠦ ᠪᠠᠯ ᠢ ᠨᠢ ᠪᠤᠯᠢᠶᠠᠵᠤ ᠳᠡᠭᠡᠷᠡᠮᠳᠡᠬᠦ ᠳᠡᠭᠡᠨ | ᠡᠭᠦᠷᠯᠡᠭᠰᠡᠨ ᠮᠣᠳᠣ ᠶᠢ ᠨᠢ ᠴᠣ᠋ ᠤᠨᠠᠭᠠᠴᠢᠬᠠᠬᠤ ᠰᠢᠬᠠᠵᠠᠢ᠃ ᠠᠶᠤᠨ ᠪᠠᠵᠠᠭᠠᠳᠠᠬᠰᠠᠨ ᠪᠡᠯᠳᠦ ᠵᠥᠭᠡᠢ ᠨᠦᠭᠦᠳ ᠠᠮᠢᠳᠠᠨ ᠤ ᠰᠢᠭᠦᠭᠴᠢ ᠨᠣᠶᠠᠨ ᠠᠷᠰᠯᠠᠨ ᠢ ᠳᠠᠭᠢᠨ | ᠡᠷᠢᠵᠦ ᠢᠷᠡᠭᠡᠳ᠄ | ︽ᠣᠳᠤ ᠶᠠᠭᠠᠬᠢᠨ᠎ᠠ︖︾ ᠭᠡᠵᠦ ᠠᠷᠭ᠎ᠠ ᠠᠰᠠᠭᠤᠯ᠎ᠠ᠃ | ᠠᠷᠰᠯᠠᠨ᠄ ︽ᠪᠠᠯ ᠢᠳᠡᠬᠦ ᠨᠢ ᠬᠦᠷᠡᠩ ᠪᠠᠭᠠᠪᠠᠭᠠᠢ ᠶᠢᠨ ᠪᠡᠶ᠎ᠡ ᠶᠢᠨ ᠬᠡᠷᠡᠭᠴᠡᠭᠡ ᠠᠴᠠ ᠪᠣᠯᠤᠭᠰᠠᠨ ᠤᠴᠢᠷ᠃ ᠢᠳᠡᠬᠦ ᠦᠭᠡᠢ ᠪᠣᠯ ᠪᠡᠶ᠎ᠡ ᠳᠤᠨᠢ ᠰᠢᠮ᠎ᠡ ᠲᠡᠵᠢᠭᠡᠯ | ᠳᠤᠲᠠᠭᠳᠠᠭᠠᠳ ᠲᠣᠷᠣᠢ ᠪᠠᠭᠤᠷᠠᠢ ᠪᠣᠯᠣᠨ᠎ᠠ︾ ᠭᠡᠬᠦ ᠳᠤ᠄ ︽ᠲᠡᠭᠡᠯ᠎ᠡ ᠭᠡᠳ ᠪᠢᠳᠠᠨ ᠤ ᠶᠠᠭᠤᠮ᠎ᠠ ᠶᠢ ᠳᠡᠭᠡᠷᠡᠮᠳᠡᠵᠦ ᠪᠤᠯᠳᠠᠭ ᠶᠤᠮ ᠦᠦ︖ ᠭᠤᠶᠣᠯᠠ ᠭᠡᠳ ᠦᠭᠡ | ᠰᠣᠨᠣᠰᠬᠤ ᠦᠭᠡᠢ᠃ ᠵᠢᠭᠠᠬᠠᠨ ᠥᠭᠬᠦ ᠳᠤ ᠪᠠᠭ᠎ᠠ ᠪᠠᠶᠢᠨ᠎ᠠ ᠭᠡᠳ ᠶᠡᠭᠡ ᠠᠪᠤᠨ᠎ᠠ ᠭᠡᠨ᠎ᠡ᠃ ᠶᠡᠭᠡ ᠥᠭᠬᠦ ᠳᠤ ᠨᠠᠭᠠᠲᠠᠢ ᠨᠢ ᠬᠦᠷᠬᠦ ᠪᠠᠨ ᠪᠠᠶᠢᠴᠢᠬᠠᠬᠤ ᠶᠤᠮ᠃ | ᠪᠢᠳᠠ ᠪᠠᠭᠠᠪᠠᠭᠠᠢ ᠶᠢ ᠲᠡᠵᠢᠭᠡᠬᠦ ᠠᠯᠪᠠ ᠦᠭᠡᠢ ᠰᠢᠣ ᠳ᠋ᠠ︾ ᠭᠡᠵᠦ ᠪᠡᠯᠳᠦ ᠵᠥᠭᠡᠢ ᠨᠦᠭᠦᠳ ᠬᠡᠯᠡᠬᠦ ᠳᠤ ᠠᠷᠰᠯᠠᠨ ᠭᠡᠨᠡᠳᠲᠡ ᠨᠢᠭᠡ ᠤᠴᠢᠷ ᠢ ᠪᠤᠳᠣᠨ ᠣᠯᠵᠤ᠄ | ︽ᠲᠠ ᠨᠠᠷ ︿ᠤᠤᠯ ᠨᠢ ᠬᠠᠳᠬᠤᠭᠠᠳ ᠬᠥᠭᠡᠭᠡᠴᠢᠬᠡᠳᠡᠭ ᠪᠠᠶᠢᠭᠰᠠᠨ ᠶᠤᠮ᠃ ᠣᠳᠤ ᠪᠡᠶ᠎ᠡ ᠳᠡᠭᠡᠨ ᠬᠤᠶᠠᠭ ᠡᠮᠦᠰᠦᠭᠡᠳ ᠶᠠᠭᠠᠬᠢᠵᠤ ᠬᠠᠳᠬᠤᠯᠠ ᠭᠡᠳ | ᠲᠡᠶᠢᠯᠭᠦ ᠦᠭᠡᠢ ᠪᠣᠯᠴᠢᠬᠠᠯ᠎ᠠ﹀ ᠭᠡᠰᠡᠨ ᠴᠢᠨᠢ ᠶᠠᠮᠠᠷ ᠤᠬᠠᠭᠠᠨ ᠲᠠᠢ ᠦᠭᠡ ᠶᠤᠮ︖︾ ᠭᠡᠵᠦ ᠤᠬᠤᠴᠢᠯᠠᠨ ᠠᠰᠠᠭᠤᠬᠤ ᠳᠤ ᠠᠬᠠᠯᠠᠭᠴᠢ ᠪᠠᠯᠳᠦ ᠵᠥᠭᠡᠢ᠄ | ︽ᠲᠡᠶᠢᠮᠦ᠂ ᠤᠤᠯ ᠨᠢ ᠬᠦᠷᠡᠩ ᠪᠠᠭᠠᠪᠠᠭᠠᠢ ᠳᠤ ᠬᠤᠶᠠᠭ ᠪᠠᠶᠢᠭᠰᠠᠨ ᠦᠭᠡᠢ᠂ ᠣᠳᠤ ᠬᠤᠶᠠᠭ ᠡᠮᠦᠰᠦᠭᠡᠳ ᠁︾ ᠭᠡᠵᠦ ᠥᠭᠦᠯᠡᠬᠦ ᠳᠤ᠄ | ︽ᠡᠨᠡ ᠬᠤᠶᠠᠭ ᠢ ᠬᠠᠮᠢᠭ᠎ᠠ ᠠᠴᠠ ᠣᠯᠪᠠ︖︾ ᠭᠡᠵᠦ ᠠᠰᠠᠭᠤᠭᠰᠠᠨ ᠰᠢᠭᠦᠭᠴᠢ ᠨᠣᠶᠠᠨ ᠤ ᠨᠢᠳᠦ ᠭᠡᠷᠡᠯᠳᠦᠯᠠ᠃ ᠠᠬᠠᠯᠠᠭᠴᠢ ᠪᠡᠯᠳᠦ ᠵᠥᠭᠡᠢ᠄ ︽ᠡᠭᠦᠨ ᠢ | ᠁︾ ᠭᠡᠳ ᠨᠥᠬᠦᠳ ᠢᠶᠠᠨ ᠬᠠᠷᠠᠬᠤ ᠳᠤ᠄ ︽ᠪᠢ ᠮᠡᠳᠡᠨ᠎ᠡ᠂ ᠬᠠᠷ᠎ᠠ ᠪᠠᠭᠠᠪᠠᠭᠠᠢ ᠶᠢᠨ ᠬᠤᠶᠠᠭ ᠪᠠᠶᠢᠨ᠎ᠠ︾ ᠭᠡᠵᠦ ᠬᠠᠮᠤᠭ ᠤᠨ ᠪᠠᠭ᠎ᠠ ᠬᠠᠮᠠᠷ ᠤᠨ ᠦᠵᠦᠭᠦᠷ | ᠪᠣᠯᠤᠭᠰᠠᠨ ᠵᠢᠵᠢᠭᠬᠡᠨ ᠪᠡᠯᠳᠦ ᠵᠥᠭᠡᠢ ᠵᠢᠩᠭᠢᠨᠡᠨ ᠳᠤᠤᠭᠠᠷᠤᠯ᠎ᠠ᠃ | ︽ᠶᠠᠭ ᠮᠥᠨ ᠦᠦ︖︾ ᠭᠡᠵᠦ ᠰᠢᠭᠦᠭᠴᠢ ᠨᠣᠶᠠᠨ ᠪᠢᠴᠢᠬᠠᠨ ᠪᠡᠯᠳᠦ ᠵᠥᠭᠡᠢ ᠠᠴᠠ ᠲᠤᠯᠭᠠᠨ ᠠᠰᠠᠭᠤᠬᠤ ᠳᠤ᠄ ︽ᠮᠥᠨ᠂ ᠬᠠᠷ᠎ᠠ ᠪᠠᠭᠠᠪᠠᠭᠠᠢ ᠶᠢᠨ | ᠡᠮᠦᠰᠦᠭᠡᠳ ᠶᠠᠪᠤᠵᠤ ᠪᠠᠶᠢᠬᠤ ᠶᠢ ᠪᠢ ᠣᠯᠠᠨ ᠤᠳᠠᠭ᠎ᠠ ᠬᠠᠷᠠᠭᠰᠠᠨ ᠶᠤᠮ᠃ ᠶᠠᠭ ᠮᠥᠨ︾ ᠭᠡᠵᠦ ᠪᠠᠲᠤᠲᠠᠢ ᠳᠤᠤᠭᠠᠷᠤᠯ᠎ᠠ᠃ ᠪᠠᠶᠠᠷᠯᠠᠭᠰᠠᠨ ᠰᠢᠭᠦᠭᠴᠢ ᠬᠠᠷ᠎ᠠ | ᠪᠠᠭᠠᠪᠠᠭᠠᠢ ᠶᠢ ᠳᠠᠭᠤᠳᠠᠵᠤ ᠢᠷᠡᠭᠦᠯᠦᠭᠡᠳ᠄ ︽ᠴᠢ ᠶᠠᠭᠠᠬᠢᠭᠠᠳ ᠪᠡᠯᠳᠦ ᠵᠥᠭᠡᠢ ᠶᠢᠨ ᠪᠠᠯ ᠢ ᠳᠡᠭᠡᠷᠡᠮᠳᠡᠵᠦ ᠢᠳᠡᠳᠡᠭ ᠶᠤᠮ︖ ᠪᠢᠴᠢᠬᠠᠨ ᠠᠮᠢᠳᠠᠨ ᠢᠶᠠᠷ ᠡᠯᠡᠭ | ᠪᠠᠷᠢᠵᠤ︾ ᠬᠡᠮᠡᠨ ᠳᠣᠩᠭᠤᠳᠬᠤ ᠳᠤ ᠲᠡᠭᠦᠨ ᠤ ᠨᠢᠳᠦ ᠣᠷᠣᠢ ᠳᠡᠭᠡᠷ᠎ᠡ ᠪᠠᠨ ᠭᠠᠷᠴᠤ᠄ ︽ᠨᠣᠶᠠᠨᠲᠠᠨ ᠮᠢᠨᠢ᠂ ᠪᠢ ᠲᠡᠶᠢᠮᠦ ᠬᠡᠷᠡᠭ ᠬᠢᠭᠰᠡᠨ ᠦᠭᠡᠢ᠃ ᠪᠢᠳᠠᠭᠤ | ᠪᠠᠶᠢᠯ᠎ᠠ ᠭᠡᠳ ᠶᠠᠭᠠᠬᠢᠵᠤ ᠶᠠᠪᠤᠬᠤ ᠪᠠᠨ ᠪᠢ ᠮᠡᠳᠡᠨ᠎ᠡ᠃ ᠢᠲᠡᠭᠡᠬᠦ ᠦᠭᠡᠢ ᠪᠣᠯ ᠁︾ ᠭᠡᠳ ᠶᠠᠭᠤ ᠪᠠᠷ ᠪᠠᠲᠤᠯᠠᠬᠤ ᠪᠠᠨ ᠣᠯ ᠶᠠᠳᠠᠨ ᠨᠠᠭᠠᠰᠢ ᠴᠠᠭᠠᠰᠢ ᠬᠠᠷᠠᠪᠠ | ᠃ | ︽ᠡᠨᠡ ᠭᠡᠷ ᠲᠤ ᠴᠢᠮ᠎ᠠ ᠳᠤ ᠡᠵᠡᠨ ᠪᠤᠯᠬᠤ ᠶᠠᠭᠤᠮ᠎ᠠ ᠠᠯᠠᠭ᠎ᠠ︾ ᠭᠡᠰᠡᠨ ᠰᠢᠭᠦᠭᠴᠢ ᠠᠷᠰᠯᠠᠨ ᠬᠠᠷ᠎ᠠ ᠪᠠᠭᠠᠪᠠᠭᠠᠢ ᠶᠢ ᠡᠭᠴᠡ ᠬᠠᠷᠠᠵᠤ᠄ | ︽ᠴᠢᠮ᠎ᠠ ᠳᠤ ᠪᠡᠯ ᠢᠳᠡᠭᠰᠡᠨ ᠤᠴᠢᠷ ᠪᠠᠶᠢᠨ᠎ᠠ ᠦᠦ︖︾ ᠭᠡᠪᠡ᠃ | ︽ᠪᠠᠶᠢᠨ᠎ᠠ᠂ ᠭᠡᠪᠡᠴᠦ ᠪᠢ ᠪᠡᠯᠳᠦ ᠵᠥᠭᠡᠢ ᠠᠴᠠ ᠳᠡᠭᠡᠷᠡᠮᠳᠡᠵᠦ ᠠᠪᠤᠭᠰᠠᠨ ᠦᠭᠡᠢ︾ ᠭᠡᠵᠦ ᠬᠠᠷ᠎ᠠ ᠪᠠᠭᠠᠪᠠᠭᠠᠢ ᠣᠮᠤᠭ ᠲᠠᠢ ᠳᠤᠤᠭᠠᠷᠪᠠ᠃ | ︽ᠭᠤᠶᠣᠵᠣ ᠠᠪᠤᠭᠰᠠᠨ ᠶᠤᠮ ᠦᠦ︖︾ | ︽ᠦᠭᠡᠢ︾ | ︽ᠪᠡᠯᠳᠦ ᠵᠥᠭᠡᠢ ᠬᠦᠷᠭᠡᠵᠦ ᠥᠭᠭᠦᠭᠰᠡᠨ ᠶᠤᠮ ᠦᠦ︖︾ | ︽ᠦᠭᠡᠢ︾ | ︽ᠡᠭᠦᠷ ᠠᠴᠠ ᠨᠢ ᠤᠨᠠᠵᠤ ᠢᠷᠡᠭᠰᠡᠨ ᠢ ᠴᠢ ᠲᠡᠭᠦᠵᠦ ᠢᠳᠡᠭᠰᠡᠨ ᠶᠤᠮ ᠦᠦ︖︾ | ︽ᠦᠭᠡᠢ︾ | ︽ᠣᠯᠣᠭᠠᠳ ᠠᠪᠤᠭᠰᠠᠨ ᠶᠤᠮ ᠦᠦ︖︾ | ︽ᠦᠭᠡᠢ︾ | ︽ᠬᠤᠳᠠᠯᠳᠤᠵᠤ ᠠᠪᠤᠭᠰᠠᠨ ᠶᠤᠮ ᠦᠦ︖︾ | ︽ᠦᠭᠡᠢ︾ | ︽ᠲᠡᠭᠡᠭᠡᠳ ᠴᠢ ᠶᠠᠭᠠᠬᠢᠭᠠᠳ ᠪᠠᠯ ᠣᠯᠵᠤ ᠢᠳᠡᠳᠡᠭ ᠶᠤᠮ︖︾ ᠭᠡᠵᠦ ᠰᠢᠭᠦᠭᠴᠢ ᠨᠣᠶᠠᠨ ᠭᠤᠷᠭᠤᠶᠢᠳᠠᠬᠤ ︵ᠤᠬᠤᠴᠢᠯᠠᠵᠤ ᠠᠰᠠᠭᠤᠬᠤ ᠭᠡᠰᠡᠨ | ᠰᠠᠨᠠᠭ᠎ᠠ ᠲᠠᠢ ᠦᠭᠡ︶ ᠳᠤ ᠬᠠᠷ᠎ᠠ ᠪᠠᠭᠠᠪᠠᠭᠠᠢ ᠭᠠᠴᠢᠭᠳᠠᠬᠤ ᠳᠠᠭᠠᠨ᠄ ︽ᠬᠦᠷᠡᠩ ᠪᠠᠭᠠᠪᠠᠭᠠᠢ ᠨᠠᠳᠠ ᠳᠤ ᠥᠭᠭᠦᠭᠰᠡᠨ ᠶᠤᠮ︾ ᠭᠡᠵᠦ ᠠᠮᠠ ᠠᠯᠳᠠᠨ | ᠬᠠᠷᠢᠭᠤᠯᠤᠭᠰᠠᠨ ᠢᠶᠠᠨ ᠭᠠᠳᠠᠭᠰᠢ ᠬᠠᠷᠠᠪᠠ᠃ ᠴᠣᠩᠬᠤ ᠪᠠᠷ ᠬᠦᠷᠡᠩ ᠪᠠᠭᠠᠪᠠᠭᠠᠢ ᠱᠠᠭᠠᠶᠢᠵᠤ ᠪᠠᠶᠢᠭ᠎ᠠ ᠴᠣ᠋ ᠶᠤᠮ ᠦᠦ︖ ᠭᠡᠵᠦ ᠪᠤᠳᠣᠬᠰᠠᠨ ᠴᠣ᠋ ᠪᠠᠶᠢᠵᠤ ᠮᠡᠳᠡᠨ᠎ᠡ | ᠃ | ᠰᠢᠭᠦᠭᠴᠢ ᠰᠢᠷᠡᠭᠡ ᠠᠯᠠᠭᠠᠳᠠᠨ ᠪᠤᠰᠬᠤ ᠳᠤ ᠬᠠᠷ᠎ᠠ ᠪᠠᠭᠠᠪᠠᠭᠠᠢ ᠴᠣ᠋ ᠣᠷᠣ ᠠᠴᠠ ᠪᠠᠨ ᠦᠰᠦᠷᠣᠨ ᠪᠣᠰᠣᠯ᠎ᠠ᠃ | ︽ᠠᠷᠰᠯᠠᠨ ᠮᠢᠨᠢ᠂ ᠲᠠ ᠶᠠᠭᠠᠬᠢᠴᠢᠬᠠᠪᠠ︖ ᠪᠢ ᠬᠡᠷᠡᠭᠲᠡᠨ ᠪᠢᠰᠢ ᠰᠢᠣ ᠳ᠋ᠠ︾ ᠭᠡᠵᠦ ᠬᠠᠷ᠎ᠠ ᠪᠠᠭᠠᠪᠠᠭᠠᠢ ᠬᠥᠯᠥᠰᠦ ᠪᠠᠨ ᠠᠷᠴᠢᠨ ᠥᠭᠦᠯᠡᠬᠦ ᠳᠤ᠄ ︽ᠴᠢ | ᠬᠦᠷᠡᠩ ᠪᠠᠭᠠᠪᠠᠭᠠᠢ ᠲᠠᠢ ᠠᠳᠠᠯᠢᠬᠠᠨ ᠳᠡᠭᠡᠷᠡᠮᠴᠢᠨ ᠪᠣᠯᠵᠠᠢ︾ ᠭᠡᠵᠦ ᠰᠢᠭᠦᠭᠴᠢ ᠨᠣᠶᠠᠨ ᠠᠭᠤᠷᠯᠠᠨ ᠬᠠᠰᠬᠢᠷᠤᠯ᠎ᠠ᠃ ᠬᠠᠷ᠎ᠠ ᠪᠠᠭᠠᠪᠠᠭᠠᠢ ᠤᠬᠠᠭᠠᠨ ᠲᠦᠭᠦᠭᠡ ᠶᠢ ᠨᠢ | ᠣᠯ ᠶᠠᠳᠠᠨ ᠠᠯᠮᠠᠶᠢᠷᠠᠵᠤ᠄ | ︽ᠨᠠᠮ᠎ᠠ ᠳᠤ ᠪᠠᠯᠳᠦ ᠵᠥᠭᠡᠢ ᠶᠢᠨ ᠪᠠᠯ ᠢ ᠳᠡᠭᠡᠷᠡᠮᠳᠡᠭᠰᠡᠨ ᠤᠴᠢᠷ ᠠᠯᠠᠭ᠎ᠠ︾ ᠭᠡᠵᠦ ᠰᠢᠭᠦᠭᠴᠢ ᠶᠢᠨ ᠥᠭᠡᠳᠡ ᠠᠴᠠ ᠵᠥᠷᠢᠪᠡ᠃ | ︽ᠴᠢᠨᠦ ᠳᠡᠭᠡᠷᠡᠮᠴᠢᠨ ᠪᠣᠯᠣᠯ᠎ᠠ ᠭᠡᠰᠡᠨ ᠢ ᠬᠤᠶᠠᠷ ᠤᠴᠢᠷ ᠭᠡᠷᠡᠴᠢᠯᠡᠨ᠎ᠡ︾ ᠭᠡᠵᠦ ᠰᠢᠭᠦᠭᠴᠢ ᠨᠣᠶᠠᠨ ᠥᠴᠢᠬᠦ ᠳᠤ᠄ ︽ᠬᠤᠶᠠᠷ ᠤᠴᠢᠷ ᠭᠡᠷᠡᠴᠢᠯᠡᠨ᠎ᠡ ᠭᠡᠨ᠎ᠡ︖ | ᠶᠠᠮᠠᠷ ᠬᠤᠶᠠᠷ ᠤᠴᠢᠷ︖︾ ᠭᠡᠵᠦ ᠬᠠᠷ᠎ᠠ ᠪᠠᠭᠠᠪᠠᠭᠠᠢ ᠲᠣᠯᠣᠭᠠᠢ ᠪᠠᠨ ᠮᠠᠭᠠᠵᠢᠨ ᠠᠰᠠᠭᠤᠬᠤ ᠳᠤ ᠰᠢᠭᠦᠭᠴᠢ ᠨᠣᠶᠠᠨ ᠲᠠᠶᠢᠪᠤᠰᠢᠷᠠᠨ᠄ | ︽ᠬᠠᠶᠠᠭ᠎ᠠ ᠬᠠᠶᠠᠭ᠎ᠠ ᠪᠠᠨ ᠪᠠᠷᠠᠳᠠᠨ ᠰᠠᠭᠤᠭᠰᠠᠨ ᠬᠥᠷᠰᠢ ᠴᠢᠨᠢ ᠶᠠᠭᠤ ᠬᠢᠭᠡᠳ ᠶᠠᠪᠤᠳᠠᠭ ᠢ ᠮᠡᠳᠡᠨ᠎ᠡ ᠪᠢᠵᠡ︖︾ ᠭᠡᠬᠦ ᠳᠤ᠄ | ︽ᠮᠡᠳᠡᠨ᠎ᠡ︾ ᠭᠡᠵᠦ ᠬᠠᠷ᠎ᠠ ᠪᠠᠭᠠᠪᠠᠭᠠᠢ ᠨᠣᠮᠣᠬᠠᠨ ᠳᠤᠤᠭᠠᠷᠤᠯ᠎ᠠ᠃ | ︽ᠶᠠᠭᠤ ᠬᠢᠳᠡᠭ ᠶᠤᠮ︖︾ | ︽ᠪᠠᠯ ᠳᠡᠭᠡᠷᠡᠮᠳᠡᠳᠡᠭ ᠶᠤᠮ᠃ ᠭᠡᠪᠡᠴᠦ ᠪᠢ ᠣᠷᠣᠯᠴᠠᠬᠰᠠᠨ ᠦᠭᠡᠢ︾ ᠭᠡᠵᠦ ᠬᠠᠷ᠎ᠠ ᠪᠠᠭᠠᠪᠠᠭᠠᠢ ᠪᠡᠶ᠎ᠡ ᠪᠠᠨ ᠴᠠᠭᠠᠳᠬᠠᠨ ᠥᠴᠢᠬᠦ ᠳᠤ᠄ ︽ᠴᠢ | ᠣᠷᠣᠯᠴᠠᠬᠰᠠᠨ ᠦᠭᠡᠢ ᠭᠡᠨ᠎ᠡ︖ ᠪᠡᠶ᠎ᠡ ᠪᠠᠷ ᠢᠶᠠᠨ ᠣᠴᠢᠭᠰᠠᠨ ᠦᠭᠡᠢ ᠴᠣ᠋ ᠳᠠᠯᠳᠠᠭᠤᠷ ᠣᠷᠣᠯᠴᠠᠬᠰᠠᠨ ᠪᠠᠶᠢᠨ᠎ᠠ︾ ᠭᠡᠵᠦ ᠰᠢᠭᠦᠭᠴᠢ ᠨᠣᠶᠠᠨ ᠲᠣᠳᠣᠯᠠᠬᠤ ᠳᠤ᠄ | ︽ᠨᠣᠶᠠᠨ ᠮᠢᠨᠢ᠂ ᠰᠠᠶᠢᠨ ᠬᠥᠮᠥᠨ ᠢ ᠭᠤᠮᠣᠳᠠᠭᠠᠬᠤ ᠪᠠᠨ ᠪᠣᠯᠢᠶ᠎ᠠ ᠭᠦ᠋᠃ ᠪᠢ ᠶᠠᠭ ᠣᠷᠣᠯᠴᠠᠬᠰᠠᠨ ᠦᠭᠡᠢ᠃ ᠲᠡᠭᠷᠢ ᠶᠢ ᠵᠢᠭᠠᠨ ᠠᠮᠠᠯᠳᠠᠶᠠ︾ ᠭᠡᠵᠦ ᠲᠠᠩᠭᠠᠷᠢᠭ | ᠲᠠᠯᠪᠢᠬᠤ ᠳᠤ᠄ ︽ᠣᠷᠤᠯᠴᠠᠬᠤ ᠳᠤ ᠬᠤᠶᠠᠷ ᠭᠡᠯᠪᠡᠷᠢ ᠪᠠᠶᠢᠳᠠᠭ︾ ᠭᠡᠵᠦ ᠰᠢᠭᠦᠭᠴᠢ ᠬᠠᠷᠢᠭᠤᠯᠪᠠ᠃ | ︽ᠶᠠᠮᠠᠷ ᠬᠤᠶᠠᠷ ᠭᠡᠯᠪᠡᠷᠢ︖︾ | ︽ᠨᠢᠭᠡ ᠨᠢ ᠢᠯᠡ᠂ ᠨᠦᠭᠦᠭᠡ ᠨᠢ ᠳᠠᠯᠳᠠ︾ ᠭᠡᠬᠦ ᠳᠤ ᠬᠠᠷ᠎ᠠ ᠪᠠᠭᠠᠪᠠᠭᠠᠢ ᠢᠨᠢᠶᠡᠵᠦ᠄ ︽ᠡᠨᠡ ᠬᠤᠶᠠᠷ ᠤᠨ ᠠᠯᠢᠨ ᠨᠢ ᠴᠣ᠋ ᠨᠠᠮ᠎ᠠ ᠳᠤ ᠪᠠᠶᠢᠬᠤ ᠦᠭᠡᠢ︾ | ᠭᠡᠳ ᠰᠡᠳᠬᠢᠯ ᠠᠭᠤᠵᠢᠷᠠᠨ ᠣᠷᠣᠨ ᠳᠠᠭᠠᠨ ᠳᠠᠭᠢᠨ ᠰᠠᠭᠤᠯ᠎ᠠ᠃ | ︽ᠭᠡᠪᠡᠴᠦ ᠴᠢ ᠣᠷᠣᠯᠴᠠᠬᠰᠠᠨ ᠮᠥᠷᠲᠡᠭᠡᠨ ᠪᠤᠵᠠᠷ ᠣᠯᠵᠠ ᠶᠢ ᠬᠤᠪᠢᠶᠠᠭᠰᠠᠨ ᠨᠢᠭᠦᠯ ᠲᠠᠢ︾ ᠭᠡᠬᠦ ᠳᠤ ᠰᠠᠭᠤᠭᠰᠠᠨ ᠬᠠᠷ᠎ᠠ ᠪᠠᠭᠠᠪᠠᠭᠠᠢ ᠣᠷᠣ ᠠᠴᠠ ᠪᠠᠨ | ᠥᠨᠳᠡᠶᠢᠬᠦ ᠵᠠᠭᠤᠷ᠎ᠠ᠄ ︽ᠶᠠᠭᠠᠬᠢᠭᠠᠳ︖︾ ᠭᠡᠪᠡ᠃ | ︽ᠴᠢ ᠬᠦᠷᠡᠩ ᠪᠠᠭᠠᠪᠠᠭᠠᠢ ᠳᠤ ᠬᠤᠶᠠᠭ ᠢᠶᠠᠨ ᠵᠢᠭᠡᠯᠡᠭᠦᠯᠦᠭᠰᠡᠨ ᠪᠢᠰᠢ ᠶᠤᠮ ᠦᠦ︖ ᠬᠦᠷᠡᠩ ᠪᠠᠭᠠᠪᠠᠭᠠᠢ ᠴᠢᠨᠦ ᠬᠤᠶᠠᠭ ᠢ ᠡᠮᠦᠰᠦᠭᠡᠳ ᠪᠠᠯ ᠳᠡᠭᠡᠷᠡᠮᠳᠡᠵᠦ | ᠪᠠᠯᠳᠣ ᠵᠥᠭᠡᠢ ᠶᠢᠨ ᠰᠦᠷᠦᠭ ᠲᠤ ᠨᠥᠬᠦᠵᠦ ᠪᠣᠯᠣᠰᠢ ᠦᠭᠡᠢ ᠦᠷᠡᠭᠳᠡᠯ ᠰᠦᠢᠳᠦᠯ ᠠᠪᠴᠢᠷᠠᠭᠰᠠᠨ ᠪᠠᠶᠢᠳᠠᠭ᠃ ᠪᠡᠯᠳᠦ ᠵᠥᠭᠡᠢ ᠨᠦᠭᠦᠳ ᠴᠢᠨᠦ ᠥᠭᠭᠦᠭᠰᠡᠨ | ᠬᠤᠶᠠᠭ ᠤᠨ ᠤᠷᠰᠢᠭ ᠢᠶᠠᠷ ᠬᠦᠷᠡᠩ ᠪᠠᠭᠠᠪᠠᠭᠠᠢ ᠶᠢ ᠲᠡᠶᠢᠯᠵᠦ ᠴᠢᠳᠠᠬᠤ ᠦᠭᠡᠢ᠂ ᠬᠤᠶᠠᠷ ᠲᠠᠯ᠎ᠠ ᠶᠢᠨ ᠲᠡᠩᠴᠡᠭᠦᠷᠢ ᠶᠢ ᠬᠠᠷᠰᠢᠯᠠᠭᠰᠠᠨ ᠪᠠᠶᠢᠳᠠᠭ᠃ ᠡᠭᠦᠨ ᠠᠴᠠ | ᠤᠷᠢᠲᠠᠢ ᠡᠶᠢᠮᠦ ᠤᠴᠢᠷ ᠭᠠᠷᠤᠭ᠎ᠠ ᠦᠭᠡᠢ ᠪᠣᠯᠣᠭᠠᠳ ᠪᠠᠶᠢᠳᠠᠭ᠃ ᠪᠦᠷ ᠯᠡ ᠴᠢᠨᠦ ᠤᠷᠰᠢᠭ ᠠᠴᠠ ᠪᠣᠯᠤᠭᠰᠠᠨ ᠬᠡᠷᠡᠭ ᠪᠢᠰᠢ ᠶᠤᠮ ᠦᠦ︖︾ ᠭᠡᠬᠦ ᠳᠤ ᠬᠠᠷ᠎ᠠ | ᠪᠠᠭᠠᠪᠠᠭᠠᠢ ᠲᠠᠭ ᠳᠤᠭᠤᠢ ᠪᠣᠯᠪᠠ᠃ ᠰᠢᠭᠦᠭᠴᠢ ᠨᠣᠶᠠᠨ ᠵᠠᠯᠭᠠᠭᠠᠳ᠄ ︽ | ᠡᠶᠢᠮᠦ ᠪᠣᠯᠣᠨ᠎ᠠ ᠭᠡᠭᠴᠢ ᠶᠢ ᠴᠢ ᠤᠷᠢᠳ ᠪᠤᠳᠣᠵᠣ ᠥᠩᠭᠡᠷᠡᠪᠡ ᠦᠦ︖︾ ᠭᠡᠬᠦ ᠳᠤ ᠬᠠᠷ᠎ᠠ ᠪᠠᠭᠠᠪᠠᠭᠠᠢ ᠪᠡᠶ᠎ᠡ ᠪᠠᠨ ᠥᠮᠥᠭᠡᠷᠡᠨ᠄ | ︽ᠦᠭᠡᠢ︕︾ ᠭᠡᠯᠡ᠃ | ︽ᠪᠢ ᠴᠢᠨᠦ ᠢᠩᠭᠢᠵᠦ ᠬᠡᠯᠡᠬᠦ ᠶᠢ ᠮᠡᠳᠡᠨ᠎ᠡ᠂ ᠭᠡᠪᠡᠴᠦ ᠠᠰᠠᠭᠤᠬᠤ ᠯᠠ ᠠᠯᠪᠠ ᠲᠠᠢ︾ ᠭᠡᠵᠦ ᠠᠷᠰᠯᠠᠨ ᠥᠭᠦᠯᠡᠭᠡᠳ᠄ ︽ᠴᠢ ᠶᠠᠭᠤᠨ ᠳᠤ ᠬᠦᠷᠡᠩ | ᠪᠠᠭᠠᠪᠠᠭᠠᠢ ᠳᠤ ᠪᠤᠯᠳᠠᠭ ᠦᠭᠡᠢ ᠬᠤᠶᠠᠭ ᠢᠶᠠᠨ ᠵᠢᠭᠡᠯᠡᠵᠦ ᠥᠭᠭᠦᠭᠰᠡᠨ ᠶᠤᠮ︖︾ ᠭᠡᠬᠦ ᠳᠤ ᠬᠠᠷ᠎ᠠ ᠪᠠᠭᠠᠪᠠᠭᠠᠢ ᠪᠥᠬᠦ᠋ᠢᠭᠰᠡᠨ ᠲᠣᠯᠣᠭᠠᠢ ᠪᠠᠨ ᠡᠷᠭᠦᠨ ᠰᠢᠭᠦᠭᠴᠢ | ᠨᠣᠶᠠᠨ ᠢ | ᠬᠠᠷᠠᠭᠠᠳ᠄ ︽ | ᠲᠡᠷᠡ ᠵᠢᠭᠡᠯᠡᠶ᠎ᠡ ᠭᠡᠵᠦ ᠭᠤᠶᠣᠭᠰᠠᠨ ᠶᠤᠮ︾ ᠭᠡᠪᠡ᠃ | ︽ᠶᠠᠭᠤᠨ ᠳᠤ ᠵᠢᠭᠡᠯᠡᠵᠦ ᠪᠠᠶᠢᠭ᠎ᠠ ᠶᠤᠮ︖︾ | ︽ᠮᠢᠨᠤ ᠰᠠᠶᠢᠨ ᠨᠠᠶᠢᠵᠠ︕︾ | ︽ᠰᠠᠶᠢᠨ ᠨᠠᠶᠢᠵᠠ ᠴᠢᠨᠢ ᠪᠦᠲᠦᠯ ᠦᠭᠡᠢ ᠬᠡᠷᠡᠭ ᠬᠢᠵᠦ ᠪᠠᠶᠢᠬᠤ ᠳᠤ ᠴᠢ ᠶᠠᠭᠠᠬᠢᠭᠠᠳ ᠬᠤᠷᠢᠭᠯᠠᠳᠠᠭ ᠦᠭᠡᠢ ᠶᠤᠮ︖︾ | ︽ᠨᠠᠳᠠ ᠳᠤ ᠪᠠᠯ ᠠᠪᠴᠢᠷᠠᠵᠤ ᠦᠭᠳᠡᠭ ᠶᠤᠮ︾ ᠭᠡᠳ ᠬᠠᠷ᠎ᠠ ᠪᠠᠭᠠᠪᠠᠭᠠᠢ ᠭᠠᠵᠠᠷ ᠱᠠᠭᠠᠶᠢᠨ ᠵᠣᠬᠰᠣᠬᠤ ᠳᠠᠭᠠᠨ᠄ ︽ᠪᠢ ᠬᠢᠯᠢᠰ ᠰᠢᠣ ᠳ᠋ᠠ︾ ᠬᠡᠮᠡᠨ | ᠳᠦᠳᠦᠨᠡᠪᠡ᠃ | ᠰᠢᠭᠦᠭᠴᠢ ᠡᠯᠭᠦᠵᠦ ᠠᠪᠤᠭᠠᠳ᠄ ︽ᠴᠢ ᠬᠢᠯᠢᠰᠳᠡᠯᠡ ᠭᠡᠨ᠎ᠡ︖ ᠬᠦᠷᠡᠩ ᠪᠠᠭᠠᠪᠠᠭᠠᠢ ᠶᠢᠨ ᠪᠦᠲᠦᠯ ᠦᠭᠡᠢ ᠬᠡᠷᠡᠭ ᠬᠢᠬᠦ ᠳᠤ ᠬᠤᠶᠠᠭ ᠢᠶᠠᠨ ᠥᠭᠴᠦ | ᠲᠤᠰᠠᠯᠠᠬᠤ᠂ | ᠳᠡᠭᠡᠷᠡᠮᠳᠡᠭᠰᠡᠨ ᠪᠠᠯ ᠢ ᠨᠢ ᠬᠤᠪᠢᠶᠠᠯᠴᠠᠵᠤ ᠢᠳᠡᠬᠦ᠂ ᠪᠡᠯᠳᠦ ᠵᠥᠭᠡᠢ ᠳᠤ ᠨᠥᠬᠦᠵᠦ ᠪᠣᠯᠣᠰᠢ ᠦᠭᠡᠢ ᠦᠷᠡᠭᠳᠡᠯ ᠰᠦᠢᠳᠦᠯ ᠤᠴᠠᠷᠠᠭᠤᠯᠬᠤ᠃ ᠡᠨᠡ ᠴᠢᠨᠢ | ᠬᠢᠯᠢᠰ | ᠬᠡᠷᠡᠭ ᠦᠦ︖ ᠴᠢ ᠬᠢᠯᠢᠰᠳᠡᠭᠰᠡᠨ ᠪᠣᠯ ᠪᠡᠯᠳᠦ ᠵᠥᠭᠡᠢ ᠶᠢ ᠶᠠᠭᠤ ᠭᠡᠬᠦ ᠶᠤᠮ︖ ᠴᠢ ᠪᠣᠯ ᠨᠢᠭᠦᠯ ᠤᠨ ᠬᠠᠮᠰᠠᠭᠠᠲᠠᠨ ᠪᠠᠶᠢᠨ᠎ᠠ︾ ᠭᠡᠬᠦ ᠳᠤ ᠬᠠᠷ᠎ᠠ ᠪᠠᠭᠠᠪᠠᠭᠠᠢ | | ᠣᠷᠳᠣ ᠪᠠᠷ ᠰᠠᠨᠠᠭ᠎ᠠ ᠠᠯᠳᠠᠬᠤ ᠳᠤ ᠴᠡᠷᠢᠭ ᠤᠳ ᠲᠡᠭᠦᠨ ᠢ ᠬᠠᠵᠠᠭᠤ ᠶᠢᠨ ᠥᠷᠥᠭᠡᠨ ᠳᠤ ᠠᠪᠠᠴᠢᠵᠤ ᠬᠤᠷᠢᠯᠠ᠃ | ᠠᠷᠰᠯᠠᠨ ᠬᠦᠷᠡᠩ ᠪᠠᠭᠠᠪᠠᠭᠠᠢ ᠶᠢ ᠭᠡᠷ ᠠᠴᠠ ᠨᠢ ᠳᠠᠭᠤᠳᠠᠨ ᠢᠷᠡᠭᠦᠯᠦᠭᠡᠳ᠄ | ︽ᠴᠢ ᠶᠠᠭᠠᠬᠢᠭᠠᠳ ᠵᠥᠭᠡᠢ ᠨᠦᠭᠦᠳ ᠤᠨ ᠬᠠᠳᠬᠤᠬᠤ ᠠᠴᠠ ᠠᠶᠤᠳᠠᠭ ᠦᠭᠡᠢ ᠶᠤᠮ︖︾ ᠭᠡᠬᠦ ᠳᠤ ᠬᠦᠷᠡᠩ ᠪᠠᠭᠠᠪᠠᠭᠠᠢ ᠪᠡᠶ᠎ᠡ ᠪᠠᠨ ᠬᠠᠷᠠᠭᠠᠳ᠄ | ︽ᠬᠤᠶᠠᠭ ᠲᠠᠢ︾ ᠭᠡᠪᠡ᠃ | ︽ᠡᠨᠡ ᠬᠤᠶᠠᠭ ᠴᠢᠨᠦ ᠶᠤᠮ ᠦᠦ︖︾ | ︽ᠪᠢᠰᠢ ᠠ᠋︕︾ | ︽ᠬᠠᠮᠢᠭ᠎ᠠ ᠠᠴᠠ ᠣᠯᠣᠭᠰᠠᠨ ᠶᠤᠮ︖︾ | ︽ᠵᠢᠭᠡᠯᠡᠭᠰᠡᠨ ᠶᠤᠮ︾ | ︽ᠬᠡᠨ ᠠᠴᠠ︖︾ | ᠬᠦᠷᠡᠩ ᠪᠠᠭᠠᠪᠠᠭᠠᠢ ᠳᠤᠭᠤᠢ ᠪᠠᠶᠢᠭᠰᠠᠨ ᠢᠶᠠᠨ᠄ ︽ᠪᠢ ᠬᠡᠯᠡᠬᠦ ᠦᠭᠡᠢ ᠪᠠᠶᠢᠵᠤ ᠪᠣᠯᠣᠨ᠎ᠠ ᠦᠦ︖︾ ᠭᠡᠬᠦ ᠳᠤ ᠰᠢᠭᠦᠭᠴᠢ ᠠᠷᠰᠯᠠᠨ᠄ ︽ᠪᠣᠯᠣᠨ᠎ᠠ᠂ ᠡᠨᠡ ᠪᠣᠯ | ᠴᠢᠨᠦ ᠡᠷᠬᠡ | ᠴᠢᠯᠦᠭᠡ᠃ ᠭᠡᠪᠡᠴᠦ ᠶᠠᠯ᠎ᠠ ᠴᠢᠨᠢ ᠬᠦᠨᠳᠦᠷᠡᠨ᠎ᠡ︾ ᠭᠡᠬᠦ ᠳᠤ ᠬᠦᠷᠡᠩ ᠪᠠᠭᠠᠪᠠᠭᠠᠢ ᠭᠦᠨ ᠠᠮᠢᠰᠬᠤᠭ᠎ᠠ ᠠᠪᠤᠭᠠᠳ᠄ ︽ᠬᠠᠷ᠎ᠠ ᠪᠠᠭᠠᠪᠠᠭᠠᠢ ᠶᠢᠨ ᠬᠤᠶᠠᠭ ᠶᠤᠮ︾ | ᠭᠡᠯᠡ᠃ | ᠬᠠᠵᠠᠭᠤ ᠥᠷᠥᠭᠡᠨ ᠳᠤ ᠳᠠᠯᠳᠠᠯᠠᠵᠤ ᠪᠠᠶᠢᠭᠰᠠᠨ ᠬᠠᠷ᠎ᠠ ᠪᠠᠭᠠᠪᠠᠭᠠᠢ ᠰᠣᠨᠣᠰᠤᠭᠠᠳ ᠬᠠᠭ᠋ᠠᠴᠢᠬᠠᠬᠤ ᠰᠢᠬᠠᠪᠠ᠃ ᠬᠠᠷ᠎ᠠ ᠪᠠᠭᠠᠪᠠᠭᠠᠢ ᠶᠢᠨ᠄ ︽ᠴᠢ᠂ ᠴᠢ ᠁︾ | ᠭᠡᠭᠰᠡᠭᠡᠷ | ᠰᠠᠨᠳᠤᠷᠤᠨ ᠭᠠᠷᠴᠤ ᠢᠷᠡᠬᠦ ᠶᠢ ᠦᠵᠡᠭᠰᠡᠨ ᠬᠦᠷᠡᠩ ᠪᠠᠭᠠᠪᠠᠭᠠᠢ᠄ | ︽ᠴᠢᠨᠦ ᠬᠤᠶᠠᠭ ᠤᠨ ᠤᠷᠰᠢᠭ ᠢᠶᠠᠷ ᠪᠢ ᠳᠠᠪᠠᠮᠠᠭᠠᠶᠢᠷᠠᠭᠰᠠᠭᠠᠷ ᠪᠠᠶᠢᠵᠤ ᠥᠨᠥᠳᠥᠷ ᠤᠨ ᠡᠨᠡ ᠬᠡᠮᠵᠢᠶᠡᠨ ᠳᠤ ᠭᠦᠷᠦᠭᠰᠡᠨ ᠰᠢᠣ ᠳ᠋ᠠ᠃ ︿ᠵᠢᠭᠡᠯᠡᠬᠦ ᠦᠭᠡᠢ︕﹀ | ᠭᠡᠬᠦ ᠳᠤ | ᠴᠢ᠄ ︿ᠠᠪ᠂ ᠠᠪ᠂ ᠬᠥᠯᠥᠰᠦᠨ ᠳᠤᠨᠢ ᠵᠢᠭᠠᠬᠠᠨ ᠪᠠᠯ ᠥᠭᠴᠢᠬᠡᠪᠡᠯ ᠪᠣᠯᠴᠢᠬᠠᠨ᠎ᠠ﹀ ᠭᠡᠳ ᠠᠮᠠᠨ ᠳᠤ ᠴᠣ᠋ ᠦᠭᠡᠢ᠂ ᠬᠠᠮᠠᠷ ᠲᠤ ᠴᠣ᠋ ᠦᠭᠡᠢ ᠪᠤᠯᠬᠤ ᠠᠴᠠ | ᠵᠣᠪᠠᠵᠤ ᠪᠢ | ᠢᠯᠡᠭᠦᠦ ᠣᠯᠬᠤ ᠭᠡᠳ ᠁︾ ᠭᠡᠵᠦ ᠬᠠᠵᠠᠯᠠ᠃ | ᠬᠠᠷ᠎ᠠ ᠪᠠᠭᠠᠪᠠᠭᠠᠢ ᠶᠢᠨ ᠨᠢᠳᠦ ᠨᠢ ᠪᠦᠯᠳᠦᠭᠡᠨᠡᠭᠦ ᠠᠴᠠ ᠥᠭᠡᠷ᠎ᠡ ᠠᠷᠭ᠎ᠠ ᠠᠯᠠᠭ᠎ᠠ ᠪᠣᠯᠪᠠ᠃ | ᠴᠡᠷᠢᠭ ᠤᠳ ᠬᠦᠷᠡᠩ ᠪᠠᠭᠠᠪᠠᠭᠠᠢ ᠶᠢᠨ ᠭᠡᠷ ᠠᠴᠠ ᠠᠪᠴᠢᠷᠠᠭᠰᠠᠨ ᠬᠤᠶᠠᠭ ᠢ ᠲᠡᠷᠡ ᠬᠤᠶᠠᠷ ᠤᠨ ᠡᠮᠦᠨ᠎ᠡ ᠲᠠᠯᠪᠢᠬᠤ ᠳᠤ᠄ | ︽ᠴᠢᠨᠦ ᠡᠮᠦᠰᠦᠭᠰᠡᠨ ᠬᠤᠶᠠᠭ ᠮᠥᠨ ᠦᠦ︖︾ ᠭᠡᠵᠦ ᠠᠷᠰᠯᠠᠨ ᠬᠦᠷᠡᠩ ᠪᠠᠭᠠᠪᠠᠭᠠᠢ ᠠᠴᠠ ᠠᠰᠠᠭᠤᠯ᠎ᠠ᠃ | ︽ᠮᠥᠨ︕︾ | ︽ᠵᠠ᠂ ᠮᠥᠨ ᠪᠣᠯ ᠠᠳᠡ ᠭᠠᠷ ᠤᠨ ᠦᠰᠦᠭ ᠵᠢᠷᠤ︕︾ ᠭᠡᠵᠦ ᠥᠭᠡᠳᠡ ᠠᠴᠠ ᠨᠢ ᠪᠢᠷ ᠴᠠᠭᠠᠰᠤ ᠲᠦᠯᠬᠢᠪᠡ᠃ | ᠰᠢᠭᠦᠭᠴᠢ ᠳᠠᠭᠢᠭᠠᠳ ᠬᠠᠷ᠎ᠠ ᠪᠠᠭᠠᠪᠠᠭᠠᠢ ᠶᠢ ᠬᠠᠷᠠᠵᠤ᠄ ︽ᠴᠢᠨᠦ ᠬᠦᠷᠡᠩ ᠪᠠᠭᠠᠪᠠᠭᠠᠢ ᠳᠤ ᠵᠢᠭᠡᠯᠡᠵᠦ ᠥᠭᠭᠦᠭᠰᠡᠨ ᠬᠤᠶᠠᠭ ᠴᠢᠨᠢ ᠮᠥᠨ ᠦᠦ︖︾ ᠭᠡᠬᠦ ᠳᠤ | ᠬᠤᠶᠠᠭ ᠢᠶᠠᠨ ᠦᠵᠡᠭᠡᠳ ᠪᠠᠶᠠᠷᠯᠠᠭᠰᠠᠨ ᠬᠠᠷ᠎ᠠ ᠪᠠᠭᠠᠪᠠᠭᠠᠢ᠄ ︽ᠮᠢᠨᠤ ᠬᠤᠶᠠᠭ ᠶᠠᠭ ᠮᠥᠨ︾ ᠭᠡᠳ ᠶᠠᠭᠤᠮ᠎ᠠ ᠪᠠᠨ ᠠᠪᠬᠤ ᠭᠡᠬᠦ ᠳᠤ ᠬᠠᠷᠠᠵᠤ ᠵᠣᠭᠰᠣᠭᠰᠠᠨ | ᠬᠤᠶᠠᠭ ᠤᠳ ᠭᠦᠶᠦᠯᠳᠦᠨ ᠢᠷᠡᠭᠡᠳ ᠬᠠᠷ᠎ᠠ ᠪᠠᠭᠠᠪᠠᠭᠠᠢ ᠶᠢ ᠰᠠᠨᠳᠠᠯᠢ ᠳᠡᠭᠡᠷ᠎ᠡ ᠨᠢ ᠳᠠᠷᠤᠵᠤ ᠰᠠᠭᠤᠯᠭᠠᠯ᠎ᠠ᠃ | ︽ᠵᠠ᠂ ᠮᠥᠨ ᠪᠣᠯ ᠡᠨᠡ ᠳᠡᠭᠡᠷ᠎ᠡ ᠭᠠᠷ ᠤᠨ ᠦᠰᠦᠭ ᠵᠢᠷᠤᠵᠤ ᠬᠤᠷᠤᠭᠤ ᠪᠠᠨ ᠳᠠᠷᠤ︕︾ ᠭᠡᠵᠦ ᠰᠢᠭᠦᠭᠴᠢ ᠬᠡᠯᠡᠵᠦ ᠪᠠᠶᠢᠲᠠᠯ᠎ᠠ᠄ ︽ᠣᠷᠣᠵᠤ ᠪᠤᠯᠬᠤ ᠦᠦ︖ | ︾ | ᠭᠡᠭᠰᠡᠭᠡᠷ ᠪᠡᠯᠳᠦ ᠵᠥᠭᠡᠢ ᠨᠦᠭᠦᠳ ᠴᠤᠪᠤᠷᠠᠯᠳᠤᠨ ᠣᠷᠣᠵᠤ ᠢᠷᠡᠬᠦ ᠳᠤ ᠬᠤᠶᠠᠷ ᠪᠠᠭᠠᠪᠠᠭᠠᠢ ᠳᠣᠭᠤᠭᠰᠢ ᠬᠠᠷᠠᠨ ᠬᠠᠷᠠᠴᠠ ᠪᠤᠷᠤᠭᠤᠯᠠᠪᠠ᠃ | ︽ᠵᠥᠭᠡᠢ ᠨᠦᠭᠦᠳ ᠠ᠋᠂ ᠬᠦᠷᠡᠩ ᠪᠠᠭᠠᠪᠠᠭᠠᠢ ᠶᠢᠨ ᠡᠮᠦᠰᠦᠭᠡᠳ ᠲᠠ ᠨᠠᠷ ᠤᠨ ᠪᠠᠯ ᠢ ᠳᠡᠭᠡᠷᠡᠮᠳᠡᠳᠡᠭ᠂ ᠬᠠᠳᠬᠤᠵᠤ ᠳᠡᠶᠢᠯᠳᠡᠭ ᠦᠭᠡᠢ ᠬᠤᠶᠠᠭ ᠡᠨᠡ ᠮᠥᠨ ᠦᠦ︖ | ︾ | ᠭᠡᠵᠦ ᠰᠢᠭᠦᠭᠴᠢ ᠠᠷᠰᠯᠠᠨ ᠬᠤᠶᠠᠷ ᠪᠠᠭᠠᠪᠠᠭᠠᠢ ᠶᠢᠨ ᠡᠮᠦᠨ᠎ᠡ ᠲᠠᠯᠪᠢᠭᠰᠠᠨ ᠬᠤᠶᠠᠭ ᠢ ᠵᠢᠭᠠᠨ ᠠᠰᠠᠭᠤᠬᠤ ᠳᠤ᠄ | ︽ᠶᠠᠭ ᠮᠥᠨ ᠪᠠᠶᠢᠨ᠎ᠠ︕︾ ᠭᠡᠵᠦ ᠵᠥᠭᠡᠢ ᠨᠦᠭᠦᠳ ᠲᠠᠭᠤ ᠨᠢᠭᠡᠲᠡᠢ ᠳᠤᠤᠭᠠᠷᠬᠤ ᠳᠠᠭᠠᠨ ᠬᠤᠶᠠᠷ ᠪᠠᠭᠠᠪᠠᠭᠠᠢ ᠶᠢ ᠬᠤᠷᠣᠰᠤᠯᠲᠠᠢ ᠬᠠᠷᠠᠵᠠᠭᠠᠯ᠎ᠠ᠃ | ᠬᠠᠷᠠᠴᠠ ᠪᠠᠷ ᠢᠶᠠᠨ ᠬᠠᠳᠬᠤᠭᠠᠳ ︽ᠶᠠᠪᠤᠭᠤᠯᠴᠢᠬᠠᠯ᠎ᠠ︾ ᠭᠡᠭᠴᠢ ᠡᠨᠡ ᠦᠦ︖ ᠬᠦᠷᠡᠩ ᠪᠠᠭᠠᠪᠠᠭᠠᠢ ᠶᠢᠨ ᠪᠡᠶ᠎ᠡ ᠡᠪᠡᠳᠬᠦ ᠰᠢᠭ ᠪᠣᠯᠵᠠᠢ᠃ | ᠰᠢᠭᠦᠭᠴᠢ ᠨᠣᠶᠠᠨ ᠠᠷᠰᠯᠠᠨ᠄ | ︽ᠭᠡᠷᠡᠴᠢ ᠪᠦᠷ ᠪᠡᠯᠡᠨ ᠪᠣᠯᠤᠭᠰᠠᠨ ᠤᠴᠢᠷ ᠣᠳᠤ ᠵᠠᠷᠯᠠᠨ᠎ᠠ︾ ᠭᠡᠬᠦ ᠳᠤ ᠪᠦᠭᠦᠳᠡ ᠨᠠᠮ ᠵᠢᠮ ᠪᠣᠯᠪᠠ᠃ ᠪᠥᠬᠦ᠋ᠢᠭᠰᠡᠨ ᠬᠤᠶᠠᠷ ᠪᠠᠭᠠᠪᠠᠭᠠᠢ ᠲᠣᠯᠣᠭᠠᠢ ᠡᠷᠭᠦᠨ | ᠰᠢᠭᠦᠭᠴᠢ ᠶᠢ ᠬᠠᠷᠠᠬᠤ ᠨᠢ ᠶᠠᠭᠤ ᠪᠣᠯᠪᠠ︖ ᠬᠡᠮᠡᠨ ᠠᠰᠠᠭᠤᠬᠤ ᠮᠡᠲᠦ᠃ | ︽ᠬᠦᠷᠡᠩ ᠪᠠᠭᠠᠪᠠᠭᠠᠢ ᠶᠢᠨ ᠪᠠᠯ ᠢᠳᠡᠬᠦ ᠳᠤᠷᠠᠰᠢᠯ ᠢ ᠨᠠᠰᠣᠨ ᠲᠤᠷᠰᠢ ᠬᠠᠰᠤᠵᠤ᠂ ᠮᠢᠩᠭᠠᠨ ᠮᠦ ᠴᠡᠴᠡᠭ ᠲᠠᠷᠢᠨ᠂ ᠡᠨᠡ ᠮᠢᠩᠭᠠᠨ ᠮᠦ ᠴᠡᠴᠡᠭ ᠢ ᠨᠠᠰᠣᠨ ᠲᠤᠷᠰᠢ | ᠠᠷᠠᠴᠢᠯᠠᠵᠤ᠂ ᠪᠠᠯᠳᠦ ᠵᠥᠭᠡᠢ ᠶᠢᠨ ᠪᠠᠯ ᠴᠤᠭᠯᠠᠭᠤᠯᠬᠤ ᠳᠤ ᠦᠢᠯᠡᠴᠢᠯᠡᠨ ᠦᠷ᠎ᠡ ᠬᠤᠶᠢᠴᠢᠰ ᠢᠶᠠᠨ ᠪᠤᠶᠢᠵᠢᠭᠤᠯᠬᠤ ᠳᠤ ᠰᠢᠮ᠎ᠡ ᠲᠡᠵᠢᠭᠡᠯ ᠬᠠᠩᠭᠠᠬᠤ ᠪᠠᠷ ᠶᠠᠯᠠᠯᠠᠨ᠎ᠠ᠃ | | ᠬᠠᠷ᠎ᠠ ᠪᠠᠭᠠᠪᠠᠭᠠᠢ ᠬᠦᠷᠡᠩ ᠪᠠᠭᠠᠪᠠᠭᠠᠢ ᠶᠢᠨ ᠬᠡᠷᠡᠭ ᠬᠢᠬᠦ ᠳᠤ ᠪᠣᠳᠠᠰ ᠤᠨ ᠨᠥᠬᠦᠴᠡᠯ ᠬᠠᠩᠭᠠᠵᠤ᠂ ᠬᠦᠷᠡᠩ ᠪᠠᠭᠠᠪᠠᠭᠠᠢ ᠶᠢᠨ ᠪᠤᠯᠢᠶᠠᠵᠤ ᠳᠡᠭᠡᠷᠡᠮᠳᠡᠭᠰᠡᠨ ᠪᠤᠵᠠᠷ | ᠣᠯᠵᠠ ᠶᠢ ᠮᠡᠳᠡᠵᠦ ᠪᠠᠶᠢᠲᠠᠯ᠎ᠠ ᠬᠤᠪᠢᠶᠠᠯᠴᠠᠭᠰᠠᠨ ᠤᠴᠢᠷ ᠬᠤᠶᠠᠭ ᠢ ᠨᠢ ᠬᠤᠷᠢᠶᠠᠵᠤ ᠠᠪᠬᠤ᠂ ᠭᠤᠷᠪᠠᠨ ᠵᠠᠭᠤᠨ ᠮᠦ ᠴᠡᠴᠡᠭ ᠲᠠᠷᠢᠨ᠂ ᠡᠨᠡ ᠭᠤᠷᠪᠠᠨ ᠵᠠᠭᠤᠨ ᠮᠦ | | ᠴᠡᠴᠡᠭ ᠢ ᠨᠠᠰᠣᠨ ᠲᠤᠷᠰᠢ ᠠᠷᠠᠴᠢᠯᠠᠵᠤ᠂ ᠪᠠᠯᠳᠦ ᠵᠥᠭᠡᠢ ᠶᠢᠨ ᠪᠠᠯ ᠴᠤᠭᠯᠠᠭᠤᠯᠬᠤ ᠳᠤ ᠦᠢᠯᠡᠴᠢᠯᠡᠨ ᠦᠷ᠎ᠡ ᠬᠤᠶᠢᠴᠢᠰ ᠢᠶᠠᠨ ᠪᠤᠶᠢᠵᠢᠭᠤᠯᠬᠤ ᠳᠤ ᠰᠢᠮ᠎ᠡ ᠲᠡᠵᠢᠭᠡᠯ | ᠬᠠᠩᠭᠠᠬᠤ ᠪᠠᠷ ᠶᠠᠯᠠᠯᠠᠨ᠎ᠠ᠃ ᠡᠨᠡ ᠡᠳᠦᠷ ᠠᠴᠠ ᠡᠬᠢᠯᠡᠨ ᠪᠤᠴᠠᠯᠲᠠ ᠦᠭᠡᠢ ᠬᠡᠷᠡᠭᠵᠢᠭᠦᠯᠦᠨ᠎ᠡ︾ ᠭᠡᠬᠦ ᠳᠤ ᠬᠠᠷ᠎ᠠ ᠪᠠᠭᠠᠪᠠᠭᠠᠢ ᠰᠠᠨᠳᠤᠷᠤᠨ ᠭᠠᠵᠠᠷ ᠰᠠᠮᠠᠭᠠᠷᠳᠠᠨ | ᠭᠠᠰᠠᠯᠵᠤ᠄ | ︽ᠳᠡᠭᠡᠳᠦᠰ ᠠᠴᠠ ᠮᠢᠨᠢ ᠥᠪᠯᠡᠵᠦ ᠢᠷᠡᠭᠰᠡᠨ ᠠᠯᠳᠠᠨ ᠬᠤᠶᠠᠭ ᠮᠢᠨᠢ ᠠ᠋︕︾ ᠭᠡᠬᠦ ᠳᠤ ᠰᠢᠭᠦᠭᠴᠢ ᠨᠣᠶᠠᠨ᠄ | ︽ᠠᠯᠳᠠ ᠪᠠᠶᠢᠲᠤᠭᠠᠢ᠂ ᠡᠷᠳᠡᠨᠢ ᠪᠠᠶᠢᠯ᠎ᠠ ᠴᠣ᠋ ᠭᠡᠰᠡᠨ ᠡᠶᠢᠮᠦ ᠯᠠ ᠪᠣᠯᠤᠭᠰᠠᠨ︾ ᠭᠡᠯᠡ᠃ |