ᠰᠢᠨ᠎ᠡ ᠣᠨ
ᠨᠡᠶᠢᠲᠡᠯᠡᠭᠰᠡᠨ ᠴᠠᠭ᠄
2025/2/14
ᠬᠦᠦ ᠲᠠᠢ ᠮᠢᠨᠢ ᠬᠥᠲᠥᠯᠥᠯᠴᠡᠭᠡᠳ ᠢᠷᠡᠨ᠎ᠡ ᠭᠡᠨ᠎ᠡ ᠲᠡᠶᠢᠮᠦ ᠨᠢᠭᠡᠨ ᠬᠡᠷᠡᠯᠳᠦ ᠴᠠᠭ ᠮᠥᠴᠡ ᠶᠢ ᠬᠦᠯᠢᠶᠡᠭᠡᠳ ᠳᠣᠭᠳᠣᠯᠬᠤ ᠵᠢᠷᠦᠬᠡ ᠮᠢᠨᠢ ᠳᠣᠲᠣᠭᠰᠢ ᠪᠠᠨ ᠳᠦᠷᠡᠯᠵᠡᠨ᠎ᠡ ᠴᠠᠰᠤ ᠦᠭᠡᠢ ᠴᠠᠭᠠᠨ᠎ᠠ ᠪᠠᠨ ᠨᠢᠭᠡᠯᠡ ᠤᠶᠢᠲᠡᠢ ᠡᠪᠦᠯ ᠤᠨ ᠡᠳᠦᠷ ᠢᠴᠠᠰᠤᠨ ᠮᠡᠲᠦ ᠤᠶᠠᠰᠬᠠᠬᠤ ᠨᠢ ᠬᠡᠦᠬᠡᠳ ᠰᠢᠭ ᠣᠨ ᠰᠠᠷ᠎ᠠ ᠤᠳ ᠠ᠋ ᠨᠠᠮᠤᠷ ᠤᠨ ᠰᠢᠷ᠎ᠠ ᠨᠠᠪᠴᠢᠨ ᠤ ᠬᠠᠯᠠᠭᠤᠨ ᠰᠢᠭ᠋ ᠨᠢᠯ ᠬᠠᠯᠠᠭᠤᠨ ᠮᠥᠷᠥᠭᠡᠳᠦᠯ ᠠᠰᠠᠭᠠᠵᠤ ᠭᠡᠵᠢᠭᠡᠨ ᠤ ᠪᠠᠨ ᠮᠥᠩᠭᠦᠨ ᠰᠣᠷ ᠤᠨ ᠲᠣᠭᠠᠯᠠᠩ ᠢᠶᠠᠷ ᠥᠪᠡᠷ ᠢᠶᠠᠨ ᠪᠢ ᠬᠠᠭᠤᠴᠢᠷᠠᠨ᠎ᠠ ᠬᠦᠦ ᠳᠡᠭᠡᠨ ᠰᠢᠨ᠎ᠡ ᠲᠡᠷᠯᠢᠭ ᠡᠰᠬᠡᠨ᠎ᠡ ᠤᠶᠠᠭᠠᠨ ᠳᠡᠭᠡᠷ᠎ᠡ ᠰᠢᠨ᠎ᠡ ᠣᠨ ᠲᠠᠢ ᠬᠠᠮᠲᠤ ᠭᠦᠯᠦᠭ ᠰᠢᠭ ᠳᠠᠪᠬᠢᠭᠠᠳ ᠪᠠᠭᠤᠬᠤ ᠬᠥᠭᠵᠢᠯᠲᠡᠢ ᠬᠤᠷᠣᠮ ᠳᠤᠨᠢ ᠴᠢᠮᠡᠭ ᠪᠤᠯᠭᠠᠵᠣ ᠁ ᠬᠤᠷᠢᠨ ᠲᠠᠪᠤᠨ ᠨᠠᠰᠤ ᠶᠢ ᠨᠢ ᠪᠡᠯᠭᠡᠰᠢᠶᠡᠨ ᠪᠠᠶᠢᠵᠤ ᠬᠦᠰᠡᠯ ᠮᠥᠷᠥᠭᠡᠳᠦᠯ ᠢᠶᠠᠨ ᠰᠢᠪᠡᠨᠡᠨ ᠪᠠᠶᠢᠵᠤ ᠬᠠᠶᠢᠷ᠎ᠠ ᠰᠠᠨᠠᠯ ᠢᠶᠠᠨ ᠰᠢᠩᠭᠡᠬᠡᠨ ᠪᠠᠶᠢᠵᠤ ᠰᠤᠷᠤᠯᠭ᠎ᠠ ᠠᠮᠢᠳᠤᠷᠠᠯ ᠢ ᠨᠢ ᠵᠥᠩᠨᠡᠨ ᠪᠠᠶᠢᠵᠤ ᠰᠠᠶᠢᠨ ᠤ ᠢᠷᠦᠭᠡᠯ ᠢᠶᠠᠨ ᠳᠡᠪᠰᠢᠭᠦᠯᠦᠨ ᠪᠠᠶᠢᠵᠤ ᠬᠤᠷᠭᠤᠢ ᠲᠣᠷᠭ᠎ᠠ ᠪᠠᠷ ᠡᠮᠵᠢᠶᠡᠷᠢ ᠳᠠᠷᠤᠵᠤ ᠬᠤᠯᠠ ᠣᠶᠢᠷ᠎ᠠ ᠶᠢ ᠨᠢ ᠲᠡᠩᠴᠡᠭᠦᠯᠦᠨ ᠬᠠᠪᠠᠵᠤ ᠬᠦᠦ ᠳᠡᠭᠡᠨ ᠲᠡᠷᠯᠢᠭ ᠣᠶᠣᠵᠤ ᠬᠦᠯᠢᠶᠡᠨ᠎ᠡ ᠬᠦᠦ ᠮᠢᠨᠢ ᠰᠢᠨ᠎ᠡ ᠣᠨ ᠶᠤᠮ ᠬᠦᠰᠡᠯ ᠮᠥᠷᠥᠭᠡᠳᠦᠯ ᠤᠨ ᠰᠢᠨ᠎ᠡ ᠰᠢᠯᠦᠭ ᠶᠤᠮ
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ