ᠭᠤᠳᠤᠯ ᠱᠠᠬᠠᠢ ᠶᠢᠨ ᠲᠤᠬᠠᠢ ᠴᠡᠭᠡᠷ
ᠨᠡᠶᠢᠲᠡᠯᠡᠭᠰᠡᠨ ᠴᠠᠭ᠄
2025/2/6
    ᠭᠤᠳᠤᠯ ᠢ ᠬᠦᠨᠳᠡᠯᠡᠨ ᠪᠠᠷᠢᠵᠤ ᠬᠦᠮᠤᠨ ᠳᠤ ᠦᠭᠬᠦ ᠶᠢ ᠴᠡᠭᠡᠷᠯᠡᠳᠡᠭ᠃     ᠭᠤᠳᠤᠯ ᠦᠢᠮᠤᠰᠤ ᠶᠢ ᠪᠠᠰᠨ ᠪᠤᠵᠠᠷ ᠭᠡᠵᠤ ᠭᠠᠯ ᠲᠤᠯᠭ᠎ᠠ ᠳᠤ ᠦᠢᠷᠠᠳᠤᠭᠤᠯᠬᠤ ᠶᠢ ᠴᠡᠭᠡᠷᠯᠡᠳᠡᠭ᠃     ᠭᠤᠳᠤᠯ ᠤᠨ ᠠᠮᠠᠰᠡᠷ ᠢ ᠭᠠᠯ ᠤᠷᠤᠭᠤ ᠬᠠᠷᠠᠭᠤᠯᠬᠤ ᠶᠢ ᠴᠡᠭᠡᠷᠯᠡᠨ᠎ᠡ᠃     ᠭᠤᠳᠤᠯ ᠤᠨ ᠤᠯᠨ ᠪᠠᠨ ᠴᠢᠷᠴᠤ ᠶᠠᠪᠤᠬᠤ ᠶᠢ ᠴᠡᠭᠡᠷᠯᠡᠳᠡᠭ᠃ ᠡᠰᠡᠪᠡᠯ ᠡᠪᠡᠳᠴᠢᠨ ᠳᠤ ᠪᠠᠷᠢᠬᠳᠠᠬᠤ᠂ ᠨᠠᠰᠤᠨ ᠳᠤ ᠲᠠᠷᠤᠬᠳᠠᠬᠤ ᠭᠡᠬᠦ ᠪᠤᠶᠤ ᠬᠡᠶᠢᠮᠤᠷᠢ ᠨᠢ ᠬᠡᠪᠳᠡᠨ᠎ᠡ ᠭᠡᠵᠤ ᠦᠵᠡᠳᠡᠭ᠃     ᠭᠤᠳᠤᠯ ᠤᠨ ᠤᠯᠨ ᠶᠢ ᠤᠷᠤᠬᠰᠢ ᠬᠠᠷᠠᠭᠤᠯᠬᠤ ᠪᠤᠶᠤ ᠬᠠᠪᠰᠤᠷᠭᠠᠵᠤ ᠲᠠᠯᠪᠢᠬᠤ ᠶᠢ ᠴᠡᠭᠡᠷᠯᠡᠳᠡᠭ᠃ ᠴᠡᠭᠡᠷᠯᠡᠬᠦ ᠦᠭᠡᠢ ᠪᠤᠯ ᠴᠢᠳᠭᠦᠷ ᠪᠠᠶᠠᠷᠯᠡᠨ᠎ᠡ ᠭᠡᠳᠡᠭ᠃ ᠭᠤᠳᠤᠯ ᠤᠨ ᠤᠯᠨ ᠶᠢ ᠪᠤᠷᠬᠠᠨ ᠰᠢᠳᠦᠭᠡᠨ ᠤ ᠦᠭᠡᠳᠡ ᠬᠠᠨᠳᠤᠭᠤᠯᠬᠤ ᠶᠢ ᠴᠡᠭᠡᠷᠯᠡᠳᠡᠭ᠃     ᠭᠤᠳᠤᠯ ᠤᠨ ᠲᠦᠷᠡᠢ ᠡᠷᠬᠢᠭᠦᠯᠬᠦ ᠶᠢ ᠴᠡᠭᠡᠷᠯᠡᠨ᠎ᠡ᠃ ᠶᠠᠯ᠎ᠠ ᠳᠤ ᠤᠨᠠᠭᠠᠳ ᠬᠤᠨᠭ᠍ᠬᠤᠷ ᠲᠤ ᠤᠷᠤᠬᠰᠡᠨ ᠬᠦᠮᠤᠨ ᠤ ᠭᠤᠳᠤᠯ ᠤᠨ ᠲᠦᠷᠡᠢ ᠶᠢ ᠰᠠᠶ᠋ᠢ ᠡᠷᠬᠢᠭᠦᠯᠳᠡᠭ ᠶᠤᠰᠤ ᠪᠤᠢ᠃     ᠭᠤᠳᠤᠯ ᠪᠡᠯᠭᠡᠯᠡᠬᠦ ᠳᠡᠭᠡᠨ ᠬᠠᠮᠠᠷ ᠢ ᠨᠢ ᠪᠡᠯᠭᠡᠯᠡᠬᠦ ᠬᠦᠮᠤᠨ ᠦᠭᠡᠳᠡ ᠬᠠᠷᠠᠭᠤᠯᠵᠤ ᠦᠭᠬᠦ ᠶᠢ ᠴᠡᠭᠡᠷᠯᠡᠳᠡᠭ᠃ ᠡᠰᠡᠪᠡᠯ ᠭᠡᠳᠡᠷᠬᠦ ᠪᠠᠨ ᠪᠤᠴᠨ ᠭᠡᠰᠡᠨ ᠰᠠᠨᠠᠭ᠎ᠠ ᠲᠠᠢ ᠭᠡᠳᠡᠭ᠃     ᠭᠤᠳᠤᠯ ᠱᠠᠬᠠᠢ ᠶᠢ ᠤᠯᠨ ᠪᠠᠷ ᠨᠢ ᠲᠡᠭᠦᠵᠢᠯᠡᠨ ᠡᠯᠭᠦᠬᠦ ᠶᠢ ᠴᠡᠭᠡᠷᠯᠡᠨ᠎ᠡ᠃     ᠭᠤᠳᠤᠯ ᠱᠠᠬᠠᠢ ᠪᠠᠨ ᠬᠦᠮᠤᠷᠢᠵᠤ ᠲᠠᠯᠪᠢᠬᠤ ᠶᠢ ᠴᠡᠭᠡᠷᠯᠡᠨ᠎ᠡ᠃ ᠦᠭᠦᠭᠰᠡᠨ ᠬᠦᠮᠤᠨ ᠤ ᠱᠠᠬᠠᠢ ᠶᠢ ᠰᠠᠶ᠋ᠢ ᠬᠦᠮᠤᠷᠢᠵᠤ ᠲᠠᠯᠪᠢᠨ᠎ᠠ᠃ ᠭᠤᠳᠤᠯ ᠱᠠᠬᠠᠢ ᠪᠠᠨ ᠭᠡᠷ ᠲᠤ ᠤᠷᠤᠮᠠᠬᠴᠨ ᠲᠠᠶᠢᠯᠬᠤ ᠶᠢ ᠴᠡᠭᠡᠷᠯᠡᠳᠡᠭ᠃ ᠡᠰᠡᠪᠡᠯ ᠭᠡᠷ ᠤᠨ ᠪᠤᠷᠬᠠᠨ ᠬᠢᠯᠢᠩᠨᠡᠨ᠎ᠡ ᠭᠡᠳᠡᠭ᠃ ᠭᠤᠳᠤᠯ ᠱᠠᠬᠠᠢ ᠶᠢᠨ ᠤᠯᠨ ᠶᠢ ᠲᠡᠭᠡᠭᠰᠢ ᠬᠠᠨᠳᠤᠭᠤᠯᠬᠤ ᠶᠢ ᠴᠡᠭᠡᠷᠯᠡᠳᠡᠭ᠃ ᠡᠨᠡ ᠨᠢ ᠶᠡᠭᠡᠴᠤᠳ ᠲᠤ ᠬᠠᠷᠰᠢ ᠪᠤᠯᠬᠤ ᠭᠡᠬᠦ ᠪᠤᠶᠤ ᠶᠠᠪᠤᠳᠠᠯ ᠤᠴᠢᠷ ᠨᠢ ᠠᠷᠪᠢᠳᠤᠭᠠᠳ ᠲᠠᠪᠠᠭ ᠨᠢ ᠡᠷᠬᠢᠳᠡᠯ᠎ᠡ ᠬᠦᠶᠦᠨ᠎ᠡ ᠭᠡᠳᠡᠭ᠃
ᠢᠷᠡᠯᠲᠡ᠄ ᠲᠣᠲᠣᠷᠬᠠᠢ ᠦᠭᠡᠢ