ᠣᠪᠣᠭᠠᠨ ᠲᠠᠬᠢᠯᠭ᠎ᠠ ᠶᠢ ᠲᠣᠬᠢᠯᠢᠭ ᠪᠡᠯᠡᠳᠬᠡᠬᠦ ᠶᠢᠨ ᠲᠤᠰᠠᠳᠠ᠂ ᠵᠢᠯ ᠪᠦᠷᠢ ᠶᠢᠨ ᠣᠪᠣᠭᠠᠨ ᠲᠠᠬᠢᠯᠭ᠎ᠠ ᠪᠤᠯᠬᠤ ᠳᠤ ᠯᠠᠮᠠ ᠬᠤᠪᠢᠯᠭᠠᠨ ᠴᠤᠭᠯᠠᠷᠠᠵᠤ ᠨᠣᠮ | ᠤᠩᠰᠢᠵᠤ ᠪᠦᠲᠦᠭᠡᠯᠭᠡ ︵ᠪᠦᠲᠦᠭᠡᠬᠦ︶ ᠵᠡᠷᠭᠡ ᠶᠢᠨ ᠦᠢᠯᠡ ᠶᠢ ᠬᠢᠵᠦ᠂ ᠳ᠋ᠧᠩᠯᠦ ᠡᠯᠭᠦᠵᠦ᠂ ᠬᠦᠵᠢ ᠵᠤᠯᠠ ᠤᠨᠲᠠᠷᠠᠭᠠᠳᠠᠭ ᠦᠭᠡᠢ᠃ ᠲᠠᠬᠢᠭᠠᠳ ᠬᠡᠯᠡᠪᠡᠯ᠂ | ᠣᠪᠣᠭᠠᠨ ᠤ ᠲᠠᠬᠢᠯᠭ᠎ᠠ ᠨᠢ ᠭᠠᠭᠴᠠ ᠭᠠᠵᠠᠷ ᠤᠰᠤ ᠶᠢ ᠲᠠᠬᠢᠵᠤ ᠪᠠᠶᠢᠭ᠎ᠠ ᠪᠢᠰᠢ᠂ ᠬᠠᠷᠢᠨ ᠲᠡᠭᠷᠢ᠂ ᠤᠳᠤᠨ ᠭᠠᠷᠠᠭ᠂ ᠳᠡᠭᠡᠳᠦᠰ᠂ ᠰᠦᠨᠡᠰᠦ ᠶᠢ ᠴᠥᠮ ᠲᠠᠬᠢᠳᠠᠭ | ᠪᠥᠭᠡᠳ ᠣᠪᠣᠭᠠᠨ ᠳᠤ ᠪᠠᠨ ᠥᠴᠢᠭ ᠳᠠᠭᠠᠳᠬᠠᠯ ᠬᠢᠳᠡᠭ ᠪᠠᠶᠢᠨ᠎ᠠ᠃ ᠲᠡᠭᠡᠬᠦ ᠳᠤ ᠪᠠᠨ ᠲᠡᠳᠡᠭᠡᠷ ᠪᠠᠶᠢᠭᠠᠯᠢ ᠶᠢᠨ ᠪᠣᠳᠠᠰ ᠢ ᠭᠠᠭᠴᠠ ᠭᠠᠭᠴᠠ ᠪᠠᠷ ᠨᠢ ᠰᠢᠲᠦᠵᠦ | ᠲᠠᠬᠢᠬᠤ ᠪᠢᠰᠢ᠂ ᠬᠠᠷᠢᠨ ᠪᠠᠶᠢᠭᠠᠯᠢ ᠶᠢᠨ ᠤᠯᠠᠨ ᠲᠠᠬᠢᠯᠭ᠎ᠠ ᠶᠢ ᠣᠪᠣᠭᠠᠨ ᠳᠡᠭᠡᠷ᠎ᠡ ᠲᠥᠪᠯᠡᠷᠡᠭᠦᠯᠵᠦ ᠲᠠᠬᠢᠳᠠᠭ᠃ ᠣᠪᠣᠭᠠᠨ ᠤ ᠲᠠᠬᠢᠯᠭ᠎ᠠ ᠡᠬᠢᠯᠡᠬᠦ ᠦᠶ᠎ᠡ ᠳᠤ | ᠲᠠᠬᠢᠯᠭ᠎ᠠ ᠳᠤ ᠣᠷᠤᠯᠴᠠᠬᠤ ᠪᠠᠷ ᠢᠷᠡᠭᠰᠡᠨ ᠣᠪᠣᠭᠠᠨ ᠳᠤ ᠪᠠᠨ ᠮᠥᠷᠭᠦᠬᠦ ᠶᠢᠨ ᠤᠷᠢᠳ ᠣᠪᠣᠭᠠᠨ ᠤ ᠲᠠᠬᠢᠯᠭ᠎ᠠ ᠶᠢᠨ ᠥᠴᠢᠭ ᠤᠩᠰᠢᠵᠤ᠂ ᠨᠤᠲᠤᠭ ᠤᠰᠤᠨ ᠤ | ᠰᠠᠬᠢᠭᠤᠰᠤ᠂ ᠲᠡᠭᠷᠢ ᠳᠤ ᠰᠦᠰᠦᠭᠯᠡᠨ ᠮᠥᠷᠭᠦᠵᠦ ᠣᠪᠣᠭᠠᠨ ᠳᠤ ᠪᠠᠨ ᠪᠤᠷᠭᠠᠰᠤ᠂ ᠴᠢᠯᠠᠭᠤ ᠵᠡᠷᠭᠡ ᠶᠢ ᠨᠡᠮᠡᠷᠢᠯᠡᠭᠡᠳ ᠲᠠᠷᠠᠭ᠎ᠠ ᠨᠢ ᠠᠪᠴᠢᠷᠠᠭᠰᠠᠨ ᠳᠡᠭᠡᠵᠢ ᠪᠠᠨ | ᠣᠪᠣᠭᠠᠨ ᠳᠤ ᠡᠷᠭᠦᠬᠦ ᠦᠶ᠎ᠡ ᠳᠤ ᠳᠠᠭᠠᠳᠬᠠᠯ ᠤᠩᠰᠢᠳᠠᠭ᠃ | ᠣᠪᠣᠭᠠᠨ ᠤ ᠥᠴᠢᠭ ︵ᠲᠠᠬᠢᠯᠭ᠎ᠠ︶ ᠨᠢ ᠭᠤᠣᠯᠳᠠᠭᠤ ᠲᠡᠭᠷᠢ ︵ᠤᠳᠤᠨ ᠭᠠᠷᠠᠭ︶᠂ ᠭᠠᠵᠠᠷ ᠪᠠ ᠨᠤᠲᠤᠭ ᠤᠰᠤᠨ ᠤ ᠰᠠᠶᠢᠨ ᠰᠠᠶᠢᠬᠠᠨ ᠢ ᠵᠢᠷᠤᠭᠯᠠᠨ | ᠳᠦᠷᠰᠦᠯᠡᠬᠦ᠂ ᠮᠥᠨ ᠲᠡᠭᠦᠨ ᠤ ᠭᠠᠪᠢᠶ᠎ᠠ ᠵᠢᠳᠬᠦᠯ ᠢ ᠢᠷᠦᠭᠡᠨ ᠮᠠᠭᠲᠠᠵᠤ ᠰᠢᠯᠦᠭᠯᠡᠨ᠂ ᠥᠪᠡᠷᠰᠡᠳ ᠤᠨ ᠢᠶᠠᠨ ᠡᠩᠬᠡ ᠮᠡᠨᠳᠦ᠂ ᠡᠯᠪᠡᠭ ᠪᠠᠶᠠᠨ ᠠᠮᠢᠳᠤᠷᠠᠯ ᠪᠠ | ᠠᠵᠠ ᠵᠢᠷᠭᠠᠯ ᠢ ᠵᠥᠩᠨᠡᠨ ᠪᠡᠯᠭᠡᠳᠡᠭᠰᠡᠨ ᠠᠭᠤᠯᠭ᠎ᠠ ᠲᠠᠢ ᠪᠠᠶᠢᠳᠠᠭ᠃ ᠣᠪᠣᠭᠠᠨ ᠤ ᠳᠠᠭᠠᠳᠬᠠᠯ ᠨᠢ ᠭᠤᠣᠯᠳᠠᠭᠤ ᠲᠠᠬᠢᠯᠭ᠎ᠠ ᠳᠤ ᠣᠷᠣᠯᠴᠠᠭᠰᠠᠳ ᠥᠪᠡᠷ ᠤᠨ | ᠰᠠᠳᠤᠨ ᠲᠦᠷᠦᠯ᠂ ᠠᠶᠢᠯ ᠠᠶᠢᠮᠠᠭ᠂ ᠣᠪᠣᠭ ᠤᠭᠰᠠᠭᠠᠲᠠᠨ ᠤ ᠪᠠᠨ ᠬᠠᠷᠢ ᠶᠢᠨ ᠳᠠᠶᠢᠰᠤᠨ ᠤ ᠠᠶᠤᠯ ᠦᠭᠡᠢ᠂ ᠡᠷᠡᠭᠦᠯ ᠡᠩᠬᠡ ᠪᠥᠭᠡᠳ ᠨᠤᠲᠤᠭ ᠤᠰᠤ ᠨᠢ ᠬᠤᠷ᠎ᠠ | ᠪᠣᠷᠣᠭᠠᠨ ᠲᠠᠢ ᠦᠩᠰᠢᠭ ᠰᠠᠶᠢᠬᠠᠨ ᠪᠠᠶᠢᠬᠤ ᠶᠢ ᠵᠥᠩᠨᠡᠵᠦ᠂ ᠮᠥᠨ ᠲᠡᠳᠡᠭᠡᠷ ᠤᠨ ᠠᠯᠢᠪᠠ ᠠᠵᠢᠯ ᠦᠢᠯᠡᠰ ᠤᠨ ᠥᠭᠡᠳᠡ ᠡᠰᠡᠷᠡᠭ᠂ ᠥᠪᠡᠷ ᠤᠨ ᠠᠯᠢᠪᠠ ᠦᠢᠯᠡᠰ | ᠰᠡᠳᠬᠢᠯᠴᠢᠯᠡᠨ ᠪᠦᠲᠦᠬᠦ᠂ ᠠᠴᠢᠷ ᠬᠡᠦᠬᠡᠳ ᠨᠣᠮ ᠰᠤᠷᠭᠠᠯ ᠲᠠᠢ ᠪᠠᠶᠢᠬᠤ ᠵᠡᠷᠭᠡ ᠶᠢ ᠵᠠᠯᠪᠠᠷᠢᠨ ᠳᠠᠭᠠᠳᠬᠠᠭᠰᠠᠨ ᠠᠭᠤᠯᠭ᠎ᠠ ᠲᠠᠢ ᠪᠠᠶᠢᠳᠠᠭ᠃ ᠣᠪᠣᠭ᠎ᠠ ᠶᠢ | ᠲᠠᠬᠢᠬᠤ ᠳᠤ ᠥᠴᠢᠭ ᠳᠠᠭᠠᠳᠬᠠᠯ ᠨᠢ ᠦᠨᠳᠦᠰᠦᠨ ᠳᠤ ᠪᠠᠨ ᠠᠳᠠᠯᠢ ᠪᠠᠶᠢᠳᠠᠭ ᠪᠤᠯᠪᠠᠴᠤ ᠭᠠᠩ ᠭᠠᠴᠢᠭ ᠲᠠᠢ ᠵᠢᠯ ᠪᠣᠯ ᠯᠠᠮᠠ ᠨᠠᠷ ᠢᠶᠠᠷ ᠨᠣᠮ ᠤᠩᠰᠢᠭᠤᠯᠵᠤ ᠲᠡᠭᠷᠢ | ᠪᠤᠷᠬᠠᠨ ᠠᠴᠠ ᠪᠣᠷᠣᠭᠠᠨ ᠬᠠᠶᠢᠷᠠᠯᠠᠬᠤ ᠶᠢ ᠭᠤᠶᠤᠵᠤ ᠮᠥᠷᠭᠦᠯ ᠳᠠᠭᠠᠳᠬᠠᠯ ᠬᠢᠳᠡᠭ᠃ ᠢᠩᠭᠢᠭᠰᠡᠨ ᠤ ᠲᠠᠷᠠᠭ᠎ᠠ ᠣᠪᠣᠭᠠᠨ ᠤ ᠲᠠᠬᠢᠯᠭ᠎ᠠ ᠶᠢᠨ ᠳᠠᠭᠠᠭᠠᠮᠠᠯ ᠪᠤᠶᠤ | ᠨᠤᠲᠤᠭ ᠤᠨ ᠠᠬᠠᠯᠠᠭᠴᠢ ᠨᠢ ᠵᠢᠯ ᠲᠤᠷᠰᠢᠬᠢ ᠨᠤᠲᠤᠭ ᠣᠷᠣᠨ ᠤ ᠬᠡᠷᠡᠭ ᠵᠢᠭᠤᠷᠠᠭᠠᠨ᠂ ᠭᠡᠷ ᠪᠦᠯᠢ ᠶᠢᠨ ᠪᠠ ᠠᠶᠢᠯ ᠠᠶᠢᠮᠠᠭ ᠤᠨ ᠡᠪᠳᠡᠷᠡᠯ ᠬᠠᠭᠠᠴᠠᠯ ᠢ | ᠰᠢᠳᠤᠷᠭᠤ ᠪᠠᠷ ᠰᠢᠢᠳᠪᠦᠷᠢᠯᠡᠵᠦ ᠲᠠᠰᠤᠯᠤᠭᠠᠳ ᠬᠡᠷᠡᠭ ᠲᠤ ᠰᠢᠢᠳᠬᠡᠭᠳᠡᠭᠰᠡᠳ ᠢ ᠣᠪᠣᠭᠠᠨ ᠳᠤ ᠮᠥᠷᠭᠦᠭᠦᠯᠵᠦ ᠵᠠᠷᠭᠤ ᠲᠠᠰᠤᠯᠳᠠᠭ᠃ ᠡᠶᠢᠮᠦᠷᠬᠦᠦ ᠵᠠᠩᠰᠢᠯ | ᠰᠡᠭᠦᠯᠳᠡᠵᠦ ᠦᠨᠳᠦᠰᠦᠨ ᠳᠤ ᠪᠠᠨ ᠬᠠᠶᠠᠭᠳᠠᠭᠰᠠᠨ ᠪᠠᠶᠢᠨ᠎ᠠ᠃ ᠢᠩᠭᠢᠭᠡᠳ ︽ᠣᠪᠣᠭᠠᠨ ᠤ ᠰᠤᠭ︾ ᠢ ᠣᠪᠣᠭᠠᠨ ᠳᠤ ᠳᠡᠭᠡᠵᠢᠯᠡᠭᠦᠯᠦᠭᠰᠡᠨ ᠤ ᠲᠠᠷᠠᠭ᠎ᠠ ᠣᠪᠣᠭᠠᠨ ᠤ | ᠨᠠᠶᠢᠷ ᠡᠬᠢᠯᠡᠨ᠎ᠡ᠃ | ᠣᠪᠣᠭᠠᠨ ᠤ ᠨᠠᠶᠢᠷ ᠤᠨ ᠭᠤᠣᠯ ᠠᠭᠤᠯᠭ᠎ᠠ ᠨᠢ ᠣᠪᠣᠭᠠᠨ ᠤ ᠥᠴᠢᠭ ᠳᠠᠭᠠᠳᠬᠠᠯ ᠬᠢᠬᠦ ᠪᠠ ︽ᠡᠷ᠎ᠡ ᠶᠢᠨ ᠭᠤᠷᠪᠠᠨ ᠨᠠᠭᠠᠳᠤᠮ︾ ᠶᠤᠮ᠃ ᠮᠣᠷᠢ | ᠤᠷᠤᠯᠳᠤᠬᠤ ᠳᠤ ᠪᠠᠨ ᠠᠵᠢᠷᠭ᠎ᠠ ᠪᠠ ᠠᠭᠲᠠ ᠮᠣᠷᠢᠳ ᠢ ᠤᠷᠤᠯᠳᠤᠭᠤᠯᠬᠤ ᠪᠤᠯᠪᠠᠴᠤ ᠠᠭᠲᠠ ᠮᠣᠷᠢᠳ ᠢ ᠠᠵᠢᠷᠭ᠎ᠠ ᠲᠠᠢ ᠨᠡᠶᠢᠯᠡᠭᠦᠯᠬᠦ ᠦᠭᠡᠢ ᠪᠠᠷ ᠠᠰ ᠲᠤ ᠨᠢ | ᠤᠷᠤᠯᠳᠤᠭᠤᠯᠤᠭᠠᠳ ᠬᠤᠷᠳᠤᠨ ᠮᠣᠷᠢᠳ ᠢ ᠰᠢᠯᠭᠠᠷᠠᠭᠤᠯᠳᠠᠭ᠃ ᠡᠭᠦᠨ ᠤ ᠳᠠᠭᠠᠤ ᠵᠢᠷᠤᠭ᠎ᠠ ᠮᠣᠷᠢᠳ ᠢ ᠰᠢᠯᠭᠠᠷᠠᠭᠤᠯᠳᠠᠭ᠃ ᠲᠡᠷᠢᠭᠦᠯᠡᠭᠰᠡᠨ ᠮᠣᠷᠢᠳ ᠲᠤ | ᠣᠪᠣᠭᠠᠨ ᠤ ᠲᠠᠬᠢᠯᠭ᠎ᠠ ᠶᠢᠨ ᠳᠠᠭᠠᠭᠠᠮᠠᠯ ᠠᠴᠠ ᠱᠠᠩᠨᠠᠯ ᠬᠦᠷᠲᠡᠭᠡᠨ᠎ᠡ᠃ ᠪᠦᠭᠡ ᠨᠢ ᠭᠤᠣᠯᠳᠠᠭᠤ ᠣᠷᠳᠣᠰ ᠪᠦᠭᠡ ᠮᠥᠷᠦ᠋ᠢᠴᠡᠵᠦ᠂ ᠲᠡᠷᠢᠭᠦᠨ᠂ ᠳᠡᠳ᠋᠂ ᠰᠢᠷᠣᠢ ᠶᠢᠨ | ᠪᠦᠭᠡ ᠳᠤ ᠱᠠᠩᠨᠠᠯ ᠣᠯᠭᠤᠨ᠎ᠠ᠃ ᠬᠤᠰᠢᠭᠤ ᠲᠡᠰ ᠤᠨ ᠣᠪᠣᠭᠠᠨ ᠤ ᠲᠠᠬᠢᠯᠭ᠎ᠠ ᠳᠡᠭᠡᠷ᠎ᠡ ᠪᠦᠭᠡ ᠲᠠᠷᠬᠠᠯᠠᠬᠤ ᠶᠣᠰᠣᠨ ᠪᠠᠶᠢᠳᠠᠭ᠃ ᠨᠤᠮᠤ ᠰᠤᠮᠤ ᠬᠠᠷᠪᠤᠬᠤ ᠨᠢ ᠪᠠᠰᠠ | ᠭᠤᠷᠪᠠᠨ ᠲᠡᠰ ᠤᠨ ᠱᠠᠩᠨᠠᠯ ᠲᠠᠢ᠃ ᠰᠡᠭᠦᠯ ᠤᠨ ᠦᠶ᠎ᠡ ᠪᠣᠯᠵᠤ ᠢᠷᠡᠭᠡᠳ ᠡᠨᠡ ᠬᠦ ᠨᠠᠭᠠᠳᠤᠮ ᠴᠥᠭᠡᠷᠡᠵᠡᠢ᠃ ᠱᠠᠩᠨᠠᠯ ᠢ ᠣᠪᠣᠭᠠᠨ ᠳᠤ ᠡᠷᠭᠦᠭᠰᠡᠨ ᠡᠳ᠋ ᠲᠠᠸᠠᠷ ᠤᠨ | ᠪᠠᠶᠢᠳᠠᠯ ᠢ ᠦᠨᠳᠦᠰᠦᠯᠡᠵᠦ ᠲᠣᠭᠲᠠᠭᠠᠳᠠᠭ᠃ ᠶᠡᠭᠡ ᠳᠤ ᠪᠠᠨ ᠦᠬᠡᠷ᠂ ᠬᠤᠨᠢ᠂ ᠮᠣᠷᠢ ᠱᠠᠩᠨᠠᠬᠤ᠂ ᠣᠯᠠᠩᠬᠢ ᠳᠤ ᠪᠠᠨ ᠬᠡᠪ ᠤᠨ ᠴᠠᠢ᠂ ᠬᠤᠨᠢᠨ ᠲᠣᠯᠣᠭᠠᠢ᠂ | ᠪᠡᠯᠡᠨ ᠮᠥᠩᠭᠦ ᠵᠡᠷᠭᠡ ᠪᠠᠷ ᠱᠠᠩᠨᠠᠨ᠎ᠠ᠃ |