ᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤ
ᠨᠡᠶᠢᠲᠡᠯᠡᠭᠰᠡᠨ ᠴᠠᠭ᠄
2025/3/20
    ᠡᠦ ᠵᠧᠩ ᠶᠤᠸᠠᠢ ᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤ     ᠤᠷᠭᠤᠵᠤ ᠮᠠᠨᠳᠤᠬᠤ ᠨᠠᠷᠠ ᠨᠢ ᠮᠠᠩᠨᠠᠢ ᠳᠡᠭᠡᠷ᠎ᠡ ᠮᠢᠨᠢ ᠦᠨᠣᠰᠳᠡᠭ     ᠤᠷᠠᠨ ᠰᠢᠪᠠᠭᠤᠳ ᠨᠢ ᠵᠢᠷᠬᠢᠵᠦ ᠦᠷ ᠤᠨ ᠭᠡᠬᠡ ᠶᠢ ᠣᠭᠲᠤᠭᠠᠳ     ᠣᠢ ᠶᠢᠨ ᠨᠡᠪᠴᠢᠰ ᠨᠢ ᠰᠠᠷᠪᠡᠯᠵᠡᠵᠤ ᠤᠶᠢᠳᠬᠠᠷ ᠭᠤᠨᠢᠭ ᠢ ᠮᠢᠨᠢ ᠦᠯᠳᠡᠳᠡᠭ     ᠦᠦᠷᠰᠡᠵᠦ ᠢᠷᠡᠬᠦ ᠰᠠᠯᠬᠢᠨ ᠨᠢ ᠪᠡᠶ᠎ᠡ ᠶᠢ ᠮᠢᠨᠢ ᠡᠷᠬᠢᠴᠡᠭᠡᠳ     ᠥᠷᠪᠡᠯᠭᠡ ᠶᠢ ᠮᠢᠨᠢ ᠢᠯᠢᠵᠦ ᠰᠠᠯᠵᠤ ᠶᠠᠳᠠᠨ ᠡᠭᠡᠨᠡᠭᠰᠢᠳᠡᠭ     ᠦᠵᠡᠰᠭᠦᠯᠡᠩ ᠭᠤᠪᠢ ᠶᠢᠨ ᠬᠢᠨᠢ ᠦᠭᠡᠭᠦᠨ ᠴᠠᠭᠠᠨ ᠴᠢᠯᠠᠭᠤᠳ     ᠡᠷᠢᠨ ᠤ ᠮᠢᠨᠢ ᠬᠥᠭᠵᠢᠯᠲᠡ ᠳᠤ ᠲᠣᠭᠳᠤᠯᠬᠤ ᠶᠢᠨ ᠡᠷᠡᠨ ᠳᠤ ᠬᠠᠩᠬᠤᠯᠵᠤ ᠳᠡᠯᠭᠡᠷᠡᠳᠡᠭ       ᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤ     ᠲᠡᠮᠡᠦᠯᠵᠦ ᠱᠤᠤᠭᠢᠭᠰᠠᠨ ᠭᠤᠣᠯ ᠨᠢ ᠵᠢᠷᠦᠬᠡᠨ ᠰᠤᠳᠠᠰᠤ ᠪᠠᠷ ᠣᠷᠣᠰᠳᠠᠭ     ᠲᠡᠷᠭᠡᠯ ᠮᠥᠩᠭᠦᠨ ᠰᠠᠷᠡ ᠨᠢ ᠲᠠᠷ᠎ᠡ ᠶᠢᠨ ᠬᠠᠵᠠᠬᠤ ᠳᠤ ᠲᠤᠶᠠᠭᠠᠷᠠᠭᠠᠳ     ᠳᠤᠷᠠᠯᠠᠯ ᠬᠠᠶᠢᠷ᠎ᠠ ᠶᠢᠨ ᠦᠭᠡ ᠪᠠᠨ ᠰᠤᠨᠣᠷ ᠲᠤ ᠮᠢᠨᠢ ᠰᠢᠪᠠᠨᠠᠳᠡᠭ     ᠳᠡᠯᠡᠭᠡᠢ ᠬᠠᠷᠠᠭᠰᠠᠨ ᠠᠭᠤᠯᠠᠰ ᠨᠢ ᠬᠦᠰᠡᠯ ᠢᠳᠡᠭᠡᠯ ᠢ ᠮᠢᠨᠢ ᠢᠷᠯᠡᠭᠡᠳ     ᠲᠠᠯ᠎ᠠ ᠶᠢᠨ ᠰᠢᠷᠬᠡᠭ ᠡᠪᠡᠰᠦ ᠨᠢ ᠦᠨᠳᠦᠰᠤᠨ ᠠᠴᠠ ᠪᠠᠨ ᠥᠭᠬᠢᠶᠡᠮᠤᠷ ᠤᠷᠭᠤᠳᠠᠭ     ᠲᠣᠪᠤ ᠲᠤᠯᠤᠭᠠᠳ ᠨᠢ ᠬᠠᠷᠠᠩᠭᠤᠢ ᠶᠢᠨ ᠭᠦᠨ ᠳᠤ ᠬᠡᠷᠡᠯᠳᠤᠵᠤ ᠰᠠᠴᠤᠷᠠᠭᠠᠳ     ᠲᠣᠯᠤᠭᠠᠨ ᠪᠤᠷᠬᠠᠨ ᠤᠳᠤᠳ ᠲᠠᠢ ᠪᠠᠨ ᠰᠥᠨᠢᠵᠢᠨ ᠵᠣᠭᠤᠭᠳᠠᠵᠤ ᠬᠤᠨᠣᠳᠠᠭ       ᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤ     ᠲᠡᠭᠷᠢ ᠨᠢ ᠬᠦᠷᠲᠡᠯ᠎ᠡ ᠴᠠᠭᠠᠨ᠎ᠠ ᠠᠴᠠ ᠪᠠᠨ ᠭᠦᠨ ᠴᠡᠩᠬᠡᠷᠯᠡᠵᠦ ᠡᠬᠢᠯᠡᠳᠡᠭ     ᠲᠣᠩ ᠴᠠᠭᠠᠨ ᠮᠠᠩᠬ᠎ᠠ ᠨᠢ ᠮᠠᠩᠰᠢᠭᠤᠷᠠᠭᠰᠠᠨ ᠨᠦᠢᠷ ᠠᠴᠠ ᠪᠠᠨ ᠰᠠᠷᠢᠵᠤ     ᠳᠠᠪᠠᠯᠭᠠᠯᠠᠬᠤ ᠳᠠᠭᠠᠨ ᠲᠤᠩᠭᠠᠯᠠᠭᠰᠢᠬᠤ ᠳᠠᠯᠠᠢ ᠶᠢᠨ ᠰᠢᠷᠤᠩᠬᠠᠢ ᠳᠤ ᠤᠷᠮᠠᠰᠢᠳᠠᠭ     ᠲᠣᠯᠢᠨ ᠴᠡᠩᠬᠡᠷ᠎ᠡ ᠨᠠᠭᠤᠷ ᠨᠢ ᠬᠤᠨ ᠤ ᠪᠠᠨ ᠨᠦᠷᠬᠢᠶᠠᠨ ᠳᠤ ᠴᠠᠯᠬᠢᠯᠡᠵᠤ     ᠲᠠᠳᠠᠭᠤᠷᠠᠵᠤ ᠳᠠᠯᠡᠷᠡᠬᠦ ᠪᠠᠷ ᠢᠶᠠᠨ ᠤᠷᠤᠰᠢᠬᠤᠢ ᠶᠢᠨ ᠨᠢᠭᠤᠴᠠ ᠶᠢ ᠳᠠᠨᠢᠭᠤᠯᠳᠠᠭ     ᠳᠡᠷᠡᠰᠦᠨ ᠲᠣᠲᠤᠷ᠎ᠠ ᠦᠨᠳᠡᠭᠡ ᠪᠠᠨ ᠳᠠᠷᠤᠭᠰᠠᠨ ᠬᠥᠭᠡᠷᠦᠭᠦᠨ ᠲᠣᠭᠤᠷᠤᠤ     ᠲᠤᠩᠭᠠᠯᠠᠭ ᠤᠭᠲᠠᠷᠭᠤᠢ ᠪᠠᠨ ᠬᠠᠷᠠᠵᠤ ᠠᠮᠤᠷ ᠠᠮᠤᠭᠤᠯᠠᠩ ᠳᠤ ᠲᠠᠶᠢᠳᠬᠤᠷᠠᠳᠠᠭ       ᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤ     ᠡᠭᠦᠯᠡ ᠬᠦᠩᠭᠭᠡᠷᠡᠲᠡᠯ᠎ᠡ ᠪᠤᠷᠤᠭᠠᠯᠠᠡᠵᠤ ᠠᠳᠤᠭᠤᠨ ᠰᠦᠷᠦᠭ ᠰᠢᠭ ᠨᠡᠭᠦᠳᠡᠭ     ᠡᠭᠦᠳᠡᠨ ᠠᠴᠠ ᠡᠬᠢᠯᠡᠵᠦ ᠰᠠᠨᠰᠠᠷ ᠲᠡᠶᠢᠰᠢ ᠰᠤᠯᠤᠩᠭ᠎ᠠ ᠲᠠᠲᠠᠭᠠᠳ     ᠥᠯᠵᠡᠢ ᠪᠡᠯᠭᠡ ᠶᠢᠨ ᠰᠤᠪᠢᠩ ᠵᠢᠷᠤᠭᠡᠨ ᠲᠤᠯᠲᠤ ᠳᠤ ᠮᠡᠳᠡᠷᠡᠭᠳᠡᠳᠡᠭ     ᠦᠳᠤ ᠪᠠᠨ ᠰᠠᠯᠪᠢᠭ᠍ᠰᠡᠨ ᠪᠦᠷᠭᠦᠳ ᠠᠰᠬ᠎ᠠ ᠬᠠᠯᠢᠯ ᠠᠴᠠ ᠴᠦᠢᠯᠠᠭᠠᠳ     ᠡᠴᠢᠨ᠎ᠡ ᠬᠢᠵᠠᠭᠠᠷ ᠢ ᠵᠣᠷᠢᠵᠤ ᠡᠯᠢᠨ ᠬᠠᠯᠢᠨ ᠨᠢᠰᠳᠡᠭ        ᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤ     ᠡᠷᠬᠢ ᠶᠢᠨ ᠴᠤᠤᠷᠢᠶ᠎ᠠ ᠬᠦᠩᠬᠢᠨᠡᠵᠦ ᠤᠰᠤᠨ ᠠᠴᠠ ᠪᠠᠨ ᠵᠢᠭᠠᠰᠤ ᠴᠤᠯᠬᠢᠳᠠᠭ     ᠥᠨᠥᠴᠢᠨ ᠵᠡᠭᠡᠷ᠎ᠡ ᠬᠦᠳᠣᠯ ᠥᠭᠰᠦᠨ ᠨᠠᠭᠠᠰᠢ ᠪᠠᠨ ᠳᠡᠪᠬᠢᠵᠦ     ᠤᠵᠠᠭᠤᠷ ᠬᠤᠶᠠᠷ ᠱᠠᠩᠰᠢ ᠶᠢ ᠦᠩᠭᠡᠷᠡᠭᠡᠳ ᠬᠠᠪᠤᠷ ᠪᠣᠯᠳᠠᠭ     ᠡᠭᠦᠯᠡᠨ ᠴᠤᠬᠤᠷ ᠪᠤᠭᠤ ᠰᠢᠯᠢ ᠶᠢᠨ ᠲᠠᠨᠵᠢᠨ ᠳᠤ ᠤᠷᠣᠮᠳᠠᠵᠤ     ᠢᠷᠡᠬᠦ ᠮᠠᠷᠭᠠᠰᠢ ᠶᠢᠨ ᠪᠠᠷ᠎ᠠ ᠬᠠᠷᠠᠭᠠᠨ ᠳᠣᠲᠣᠷ᠎ᠠ ᠡᠷᠬᠢᠯᠳᠤᠳᠡᠭ     ᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤ     ᠡᠷᠪᠡᠢ ᠦᠷ᠎ᠡ ᠮᠢᠨᠢ ᠦᠭᠡᠳᠡ ᠠᠴᠠ ᠠᠮᠠ ᠠᠩᠭᠠᠯᠵᠡᠨ ᠮᠥᠰᠢᠶᠡᠳᠡᠭ ᠡ ᠁ 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ