ᠠᠶᠠᠯᠭᠤ ᠠᠨᠢᠷᠲᠤᠬᠤ ᠠᠯᠤᠰ ᠲᠤ ᠠᠰᠢᠳᠠ ᠶᠢᠨ ᠵᠠᠶᠠᠭ᠎ᠠ ᠮᠢᠨᠢ ᠪᠠᠶᠢᠳᠠᠭ
ᠨᠡᠶᠢᠲᠡᠯᠡᠭᠰᠡᠨ ᠴᠠᠭ᠄
2025/3/20
                                   ᠴᠢ᠊ · ᠨᠠᠷᠠᠨᠳᠤᠶᠠᠭ᠎ᠠᠳᠡᠷᠳᠡᠭᠡ ᠠᠯᠤᠰ ᠲᠤ ᠭᠡᠷ ᠮᠢᠨᠢ ᠪᠠᠶᠢᠳᠠᠭ ᠳᠤᠷᠠᠨ ᠬᠠᠷᠠᠭ᠎ᠠ ᠪᠠᠨ ᠲᠡᠷᠡ ᠵᠦᠭ ᠪᠡᠯᠴᠢᠭᠡᠳᠡᠭ ᠲᠠᠶᠢᠪᠤᠩ ᠠᠮᠤᠭᠤᠯᠠᠩ ᠤᠨ ᠡᠴᠢᠨ᠎ᠡ ᠠᠴᠠ ᠨᠠᠷᠠᠨ ᠮᠡᠨᠳᠤᠭᠠᠳ ᠡᠳᠦᠷ ᠮᠡᠨᠳᠤᠯᠠᠳᠡᠭ ᠮᠠᠨᠳᠣᠬᠤ ᠨᠠᠷᠠ ᠪᠠᠨ ᠤᠭᠲᠤᠭᠠᠳ ᠵᠦᠢᠯ ᠤᠨ ᠰᠢᠪᠠᠭᠤᠳ ᠬᠦᠭᠵᠢᠯᠳᠦᠳᠡᠭ ᠨᠠᠮᠠᠶᠢ ᠳᠠᠩᠳᠡᠭᠦᠤ ᠨᠠᠮ ᠪᠣᠯᠭᠠᠵᠤ᠂ ᠪᠠᠰᠠ ᠲᠣᠭᠳᠤᠯᠤᠭᠤᠯᠵᠤ ᠤᠶᠠᠷᠠᠭᠠᠳᠠᠭᠡᠨᠡᠷᠢᠩᠭᠦᠢ ᠠᠯᠤᠰ ᠲᠤ ᠡᠮᠧ ᠮᠢᠨᠢ ᠪᠠᠶᠢᠳᠠᠭ ᠠᠯᠠᠭ ᠨᠢᠳᠤᠨ ᠤ ᠨᠢᠯᠪᠤᠰᠤ ᠲᠡᠩᠳᠡ ᠲᠡᠷᠡ ᠤᠷᠤᠭᠤ ᠠᠰᠬᠠᠷᠠᠳᠠᠭ ᠠᠭᠤᠵᠢᠮ ᠥᠷᠭᠡᠨ ᠲᠠᠯ᠎ᠠ ᠪᠠᠷ ᠨᠢ ᠭᠤᠣᠯ ᠭᠤᠷᠤᠬ᠎ᠠ ᠣᠷᠣᠰᠳᠠᠭ ᠤᠷᠤᠰᠬᠤ ᠤᠰᠤᠨ ᠤ ᠬᠢᠨᠢ ᠴᠡᠭᠡᠯ ᠳᠤ ᠵᠢᠭᠠᠰᠤ ᠴᠤᠯᠬᠢᠵᠤ ᠬᠠᠷᠠᠭᠳᠠᠳᠠᠭ ᠨᠠᠮᠠᠶᠢ ᠤᠯᠠᠮ ᠨᠢᠯᠬᠠᠰᠠᠭ ᠪᠣᠯᠭᠠᠵᠤ᠂ ᠪᠠᠰᠠ ᠤᠶᠠᠷᠠᠭᠤᠯᠵᠤ ᠨᠢᠯᠪᠣᠰᠣᠷᠠᠭᠤᠯᠳᠠᠭᠴᠢᠭᠡ ᠠᠯᠤᠰ ᠲᠤ ᠮᠦᠷᠦᠭᠡᠳᠦᠯ ᠮᠢᠨᠢ ᠪᠠᠶᠢᠳᠠᠭ ᠴᠢᠪ ᠴᠢᠮᠡᠭᠡ ᠦᠭᠡᠢ ᠰᠡᠳᠭᠢᠯ ᠮᠢᠨᠢ ᠲᠡᠷᠡ ᠦᠭᠡᠳᠡ ᠲᠡᠮᠡᠦᠯᠳᠡᠭ ᠴᠡᠩᠬᠡᠷ ᠲᠠᠯ᠎ᠠ ᠶᠢᠨ ᠬᠥᠪᠡᠭᠡ ᠶᠢ ᠴᠢᠮᠡᠵᠦ ᠦᠩᠭᠡ ᠶᠢᠨ ᠴᠡᠴᠡᠭᠡᠰ ᠮᠦᠰᠢᠶᠡᠳᠡᠭ ᠮᠦᠰᠢᠶᠡᠨ ᠳᠡᠯᠭᠡᠷᠡᠭᠰᠡᠨ ᠴᠡᠴᠡᠭᠡᠰ ᠤᠨ ᠲᠡᠭᠡᠭᠦᠷ ᠡᠷᠪᠡᠭᠡᠢ ᠪᠦᠵᠢᠵᠦ ᠲᠣᠭᠯᠠᠳᠠᠭ ᠨᠠᠮᠠᠶᠢ ᠳᠠᠩᠴᠤ ᠤᠶᠠᠨ ᠪᠣᠯᠭᠠᠵᠤ᠂ ᠪᠠᠰᠠ ᠠᠶᠠᠯᠤᠭᠤᠯᠵᠤ ᠳᠠᠭᠤᠯᠠᠭᠤᠯᠳᠠᠭᠬᠢᠵᠠᠭᠠᠷ ᠦᠭᠡᠢ ᠠᠯᠤᠰ ᠲᠤ ᠬᠠᠶᠢᠷ᠎ᠠ ᠮᠢᠨᠢ ᠪᠠᠶᠢᠳᠠᠭ ᠭᠡᠨᠡᠨ ᠬᠥᠭᠡᠷᠤᠭᠦᠨ ᠪᠤᠳᠣᠯ ᠳᠠᠭᠠᠨ ᠪᠢ ᠨᠠᠷᠠ ᠪᠠᠨ ᠵᠢᠷᠤᠨ ᠰᠠᠭᠤᠳᠠᠭ ᠵᠡᠭᠦᠳᠦᠨ ᠤ ᠮᠢᠨᠢ ᠪᠠᠶᠡᠯᠡᠯ ᠮᠡᠳᠦ ᠵᠦᠩ ᠤᠨ ᠬᠡᠷᠡᠯ ᠠᠰᠠᠳᠠᠭ ᠠᠰᠠᠭᠰᠠᠨ ᠭᠡᠷᠡᠯ ᠤᠰᠤᠨ ᠳᠤ ᠣᠶᠢᠭᠠᠳ ᠰᠤᠯᠤᠩᠭ᠎ᠠ ᠰᠢᠭ᠋ ᠮᠢᠷᠠᠯᠵᠠᠳᠠᠭ ᠨᠡᠮᠠᠶᠢ ᠲᠣᠩ ᠳᠡᠭᠵᠢᠨ ᠪᠣᠯᠭᠠᠵᠤ᠂ ᠪᠠᠰᠠ ᠬᠡᠶᠢᠷᠭᠡᠯ ᠳᠤ ᠱᠤᠩᠪᠠᠭᠤᠯᠳᠠᠭᠨᠢᠳᠤᠨ ᠤ ᠮᠢᠨᠢ ᠠᠯᠤᠰ ᠲᠤ ᠵᠥᠪᠬᠡᠨ ᠴᠢ ᠯᠡ ᠪᠠᠶᠢᠳᠠᠭ ᠨᠠᠭᠤᠷ ᠰᠢᠭ᠋ ᠴᠠᠯᠬᠢᠯᠠᠬᠤ ᠬᠦᠰᠡᠯ ᠳᠠᠩᠳᠡ ᠴᠢᠮ᠎ᠠ ᠵᠦᠭ ᠲᠥᠭᠦᠳᠡᠭ ᠨᠢᠭᠤᠴᠠ ᠪᠠᠨ ᠵᠠᠳᠠᠯᠬᠤ ᠰᠢᠭ᠋ ᠳᠠᠯᠡᠬᠡᠢ ᠨᠠᠮ ᠬᠦᠮ ᠳᠤ ᠠᠭᠤᠰᠳᠠᠭ ᠨᠠᠮ ᠬᠦᠮ ᠤᠨ ᠴᠠᠭᠠᠨ᠎ᠠ ᠠᠴᠠ ᠳᠤᠷᠠᠯᠠᠯ ᠤᠨ ᠰᠢᠮᠫᠤᠨᠢ ᠤᠷᠭᠤᠳᠠᠭ ᠨᠠᠮᠠᠶᠢ ᠤᠯᠠᠮ ᠪᠠᠳᠠᠷᠠᠩᠭᠤᠢ ᠪᠣᠯᠭᠠᠵᠤ᠂ ᠪᠠᠰᠠ ᠢᠷᠠᠭᠤ ᠪᠠᠶᠠᠰᠬᠤᠯᠠᠩ ᠳᠤ ᠵᠢᠷᠭᠠᠭᠠᠳᠠᠭᠠᠶᠠᠯᠭᠤ ᠠᠨᠢᠷᠳᠤᠬᠤ ᠠᠯᠤᠰ ᠲᠤ ᠠᠰᠢᠳᠠ ᠶᠢᠨ ᠵᠠᠶᠠᠭ᠎ᠠ ᠮᠢᠨᠢ ᠪᠠᠶᠢᠳᠠᠭ ᠠᠮᠢᠨ ᠠᠴᠠ ᠠᠮᠢ ᠲᠠᠰᠤᠷᠠᠬᠤ ᠳᠤ ᠵᠥᠭᠡᠯᠡᠨ ᠠᠯᠠᠭᠠᠨ ᠳᠠᠭᠠᠨ ᠲᠣᠰᠴᠤ ᠠᠪᠤᠭᠰᠠᠨ ᠠᠯᠳᠡᠷᠠᠶᠢᠬᠠᠨ ᠮᠢᠨᠤ ᠬᠠᠶᠢᠷ᠎ᠠ ᠶᠢᠨ ᠦᠯᠥᠬᠡᠢ ᠰᠦᠮᠡᠯᠵᠡᠨ ᠰᠦᠮᠡᠯᠵᠡᠨ ᠬᠠᠷᠠᠭᠳᠠᠳᠠᠭ ᠠᠯᠤᠰᠬᠠᠨ ᠪᠢᠰᠢ᠂ ᠠᠶ᠎ᠠ ᠥᠪᠡᠷ ᠤᠨ ᠮᠢᠨᠢ ᠰᠠᠳᠭᠢᠯ ᠤᠨ ᠵᠠᠢ ᠳᠤ ᠠᠯᠲᠡᠨ ᠵᠤᠯᠠ ᠮᠡᠳᠣ ᠬᠡᠷᠡᠯᠳᠤᠨ ᠬᠡᠷᠡᠯᠳᠤᠨ ᠨᠠᠮᠢᠷᠡᠳᠠᠭ ᠡ᠃ 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ