ᠬᠠᠪᠤᠷ ᠤᠨ ᠤᠷᠠᠨ ᠲᠠᠲᠠᠯᠠᠭ᠎ᠠ
ᠨᠡᠶᠢᠲᠡᠯᠡᠭᠰᠡᠨ ᠴᠠᠭ᠄
2025/3/20
                                           ᠪᠣᠷᠵᠢᠭᠢᠨ ᠬᠤᠪᠢᠰᠬᠠᠯᠲᠤᠪᠢ ᠰᠢᠯᠦᠭ ᠢ ᠤᠯᠠᠷᠢᠯ ᠭᠡᠵᠦ ᠳᠣᠭᠲᠤᠯᠤᠨ ᠨᠡᠭᠦᠨ᠎ᠡ ᠪᠢ ᠬᠠᠪᠤᠷ ᠢ ᠰᠡᠳᠭᠢᠯ ᠭᠡᠵᠦ ᠲᠣᠰᠤᠨ ᠤᠶᠠᠷᠠᠨ᠎ᠠ ᠪᠢ ᠡᠪᠦᠯ ᠢ ᠢᠳᠡᠭᠡᠯ ᠭᠡᠵᠦ ᠪᠡᠯᠭᠡᠳᠡᠨ ᠵᠦᠩᠨᠡᠨ᠎ᠡ ᠪᠢ ᠳᠡᠯᠡᠬᠡᠢ ᠶᠢ ᠬᠠᠶᠢᠷ᠎ᠠ ᠭᠡᠵᠤ ᠰᠠᠨᠠᠨ ᠬᠠᠨᠢᠰᠤᠨ᠎ᠠᠬᠠᠪᠤᠷ ᠨᠠᠳᠠᠲᠤ ᠮᠥᠷᠥᠭᠡᠳᠤᠯ ᠤᠨ ᠭᠡᠭᠡᠨ ᠦᠷ ᠱᠠᠩᠨᠠᠭᠰᠠᠨ ᠬᠠᠪᠤᠷ ᠨᠠᠳᠡᠲᠤ ᠮᠣᠷᠢᠨ ᠤ ᠬᠦᠯᠣᠰᠤ ᠲᠠᠢ ᠰᠠᠯᠬᠢ ᠤᠷᠢᠭᠰᠠᠨ ᠬᠠᠪᠤᠷ ᠨᠠᠳᠠᠲᠤ ᠮᠠᠯᠴᠢᠨ ᠬᠦᠮᠤᠨ ᠤ ᠤᠬᠠᠭ᠎ᠠ ᠲᠠᠰᠪᠤᠷᠢ ᠥᠭᠭᠦᠭᠰᠡᠨ ᠬᠠᠪᠤᠷ ᠨᠠᠳᠠᠲᠤ ᠮᠦᠩᠭᠦᠨ ᠴᠠᠭᠠᠨ ᠲᠡᠯᠡᠭᠡᠢ ᠪᠡᠯᠡᠭᠯᠡᠭᠰᠡᠨᠬᠠᠪᠤᠷ ᠤᠨ ᠬᠠᠯᠢᠶ᠎ᠠ ᠠᠭᠠᠰᠢᠨ ᠤ ᠠᠷᠪᠠᠨ ᠭᠤᠷᠪᠠᠨ ᠰᠦᠯᠵᠢᠶ᠎ᠠ ᠬᠠᠪᠤᠷ ᠤᠨ ᠪᠣᠷᠤᠭ᠎ᠠ ᠴᠠᠰᠤ ᠠᠮᠢᠳᠤᠷᠠᠯ ᠤᠨ ᠶᠢᠰᠤ ᠶᠢᠰᠤᠨ ᠲᠣᠮᠢᠶ᠎ᠠ ᠬᠠᠪᠤᠷ ᠤᠨ ᠰᠠᠯᠬᠢ ᠠᠯᠳᠠᠭ᠎ᠠ ᠤᠨᠤᠭᠠᠨ ᠤ ᠴᠡᠴᠠᠨ ᠰᠤᠷᠢᠶ᠎ᠠ ᠬᠠᠪᠤᠷ ᠤᠨ ᠨᠠᠷᠠ ᠠᠶᠢᠵᠠᠮ ᠴᠣᠬᠢᠯᠭ᠎ᠠ ᠲᠡᠭ᠊ ᠪᠦᠲᠤᠨ ᠡᠭᠡᠰᠢᠭᠰᠠᠶᠢᠬᠠᠨ ᠵᠢᠯ ᠪᠣᠯᠬᠤ ᠨᠢ ᠭᠡᠵᠦ ᠰᠡᠳᠭᠢᠯ ᠬᠠᠩᠬᠤᠯᠤᠭᠤᠨ ᠮᠦᠰᠢᠶᠡᠬᠦ ᠪᠣᠭᠤᠷᠤᠯ ᠤᠨ ᠰᠠᠶᠢᠨ ᠤ ᠢᠷᠦᠭᠡᠯ ᠳᠡᠭᠡᠷ᠎ᠡ ᠪᠢᠯᠬᠠᠷᠠᠭᠰᠠᠨ ᠰᠡᠴᠤᠯᠢ ᠶᠢᠨ ᠲᠡᠭᠡᠵᠢ ᠲᠠᠢ ᠨᠠᠯᠠᠭᠠᠷᠬᠠᠨ ᠬᠠᠪᠤᠷᠵᠢᠶ᠎ᠠᠰᠢᠨᠡᠭᠡᠨ ᠴᠠᠰᠤ ᠪᠦᠵᠢᠨ ᠬᠢᠯᠠᠰᠬᠤ ᠪᠠᠷ ᠰᠠᠶᠢᠬᠠᠨ ᠴᠢᠨᠤ ᠬᠤᠩᠭᠤᠷᠬᠠᠨ ᠮᠠᠯᠮᠠᠢ ᠳᠤ ᠰᠠᠨᠰᠠᠷ ᠤᠨ ᠤᠳᠤᠳ ᠡᠷᠭᠡᠯᠡᠨ ᠤᠮᠪᠠᠩᠰᠠᠨ ᠰᠢᠭ᠋ ᠰᠠᠨᠠᠭᠠᠨ ᠳᠤ ᠳᠡᠯᠭᠡᠷᠡᠭᠦ ᠪᠣᠯᠪᠠᠷᠠᠢ ᠴᠡᠴᠡᠭᠡᠰᠬᠦᠰᠡᠯ ᠮᠢᠨᠢ ᠪᠡᠶᠡᠯᠡᠬᠦ ᠭᠡᠭᠡᠨ ᠬᠠᠷᠭᠤᠢ ᠬᠦᠯᠥᠭ ᠤᠨ ᠮᠢᠨᠢ ᠥᠥᠷᠰᠡᠭᠡ ᠶᠢ ᠴᠢᠩᠨᠠᠨ ᠰᠣᠨᠤᠯᠵᠠᠬᠤ ᠳᠤ ᠬᠥᠭᠡᠷᠦᠭᠦᠨ ᠲᠦᠯ ᠤᠨ ᠱᠤᠤᠬᠢᠶᠠᠨ ᠢᠶᠠᠷ ᠰᠡᠷᠭᠦᠭᠰᠡᠨ ᠬᠥᠳᠡᠭᠡ ᠠᠴᠠ ᠨᠠᠶᠢᠷᠠᠭᠰᠠᠨ ᠬᠠᠪᠤᠷ ᠤᠨ ᠤᠷᠠᠨ ᠲᠠᠲᠠᠯᠠᠭ᠎ᠠ 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ