ᠵᠡᠭᠦᠳᠦᠨ ᠳᠤ ᠢᠷᠡᠬᠦ ᠵᠠᠭᠤᠨ ᠤ ᠪᠦᠷᠣᠢ
ᠨᠡᠶᠢᠲᠡᠯᠡᠭᠰᠡᠨ ᠴᠠᠭ᠄
2025/3/20
                                    ᠪᠤᠷᠵᠢᠬᠢᠨ ᠷ᠊ · ᠨᠠᠰᠤᠨᠬᠡᠰᠢᠭᠡᠭᠦᠯᠡᠨ ᠴᠠᠭᠠᠨᠠᠬᠢ ᠨᠠᠷᠡ ᠴᠢᠬᠢᠭᠯᠡᠭᠡᠳ ᠪᠦᠳᠡᠬᠢ ᠬᠡᠷᠡᠯ ᠨᠢ ᠰᠦᠮᠡᠶᠢᠬᠦ ᠪᠠᠷ ᠪᠦᠷᠭᠦᠭ ᠲᠡᠭᠷᠢ ᠶᠢᠨ ᠡᠯᠢᠭᠡᠨ ᠠᠴᠠ ᠨᠠᠳᠡ ᠳᠡᠭᠡᠷ᠎ᠡ ᠲᠣᠰᠣᠯᠠᠬᠤ ᠪᠣᠷᠣᠭᠠᠨ ᠢ ᠦᠷ᠎ᠡ ᠳᠡᠭᠡᠨ ᠴᠤᠪᠤᠷᠠᠭᠰᠠᠨ ᠡᠵᠢ ᠶᠢᠨ ᠮᠢᠨᠢ ᠨᠢᠯᠪᠣᠰᠤ ᠬᠡᠮᠡᠨ ᠠᠳᠡᠭᠦᠷᠠᠵᠤ ᠠᠯᠠᠭᠠᠨ ᠳᠠᠭᠠᠨ ᠲᠣᠰᠴᠤ ᠵᠢᠷᠦᠬᠡ ᠪᠠᠷ ᠢᠶᠠᠨ ᠠᠮᠲᠠᠯᠠᠬᠤ ᠶᠢ ᠰᠠᠨᠠᠯ᠎ᠠᠠᠷᠤ ᠰᠢᠯᠢ ᠶᠢᠨ ᠠᠳᠤᠭᠤᠳ ᠤᠨ ᠪᠡᠯᠴᠢᠭᠡᠷ ᠪᠤᠳᠠᠩ ᠮᠠᠨᠠᠨ ᠢᠶᠠᠷ ᠪᠦᠷᠲᠦᠯᠵᠡᠭᠡᠳ ᠱᠤᠤᠭᠢᠨ ᠢᠰᠭᠡᠷᠭᠦ ᠰᠠᠯᠬᠢᠨ ᠤ ᠦᠵᠦᠭᠦᠷ ᠲᠤ ᠲᠡᠷᠡᠰᠤᠨ ᠲᠣᠯᠤᠭᠠᠢ ᠰᠠᠮᠠᠷᠡᠭᠰᠡᠭᠡᠷ ᠤᠳᠠᠭᠠᠨ ᠵᠢᠯ ᠤᠨ ᠤᠶᠢᠳᠬᠠᠷ ᠭᠤᠨᠢᠭ ᠢ ᠦᠪᠡᠷ ᠢᠶᠠᠨ ᠠᠷᠭᠠᠳᠠᠬᠤ ᠶᠢᠨ ᠲᠤᠯᠠᠲᠠ ᠠᠪᠤ ᠪᠠᠨ ᠦᠭᠡᠶᠢᠯᠡᠭᠰᠡᠨ ᠦᠷ᠎ᠡ ᠶᠢᠨ ᠬᠢᠨᠢ ᠰᠠᠳᠬᠢᠯ ᠳᠤ ᠵᠡᠭᠦᠳᠤ ᠬᠦᠷᠲᠡᠯ᠎ᠡ ᠤᠬᠢᠯᠡᠩᠬᠠᠢᠣᠷᠤᠭ᠎ᠠ ᠪᠣᠰᠬᠠᠭ᠎ᠠ ᠣᠨ ᠵᠢᠯ ᠤᠳ ᠢ ᠠᠷᠢᠭᠤᠰᠬᠠᠵᠤ ᠢᠷᠡᠭᠰᠡᠨ ᠠᠷᠭᠠᠯ ᠤᠨ ᠤᠳᠤᠭ᠎ᠠ ᠭᠠᠵᠠᠷ ᠤᠨ ᠵᠢᠷᠦᠭᠡ ᠶᠢ ᠴᠢᠩᠨᠠᠭᠠᠳ ᠥᠭᠡᠳᠡ ᠪᠠᠨ ᠰᠦᠮᠡᠯᠵᠡᠬᠦ ᠨᠢ ᠬᠠᠷᠠᠭᠳᠠᠬᠤ ᠪᠠᠨ ᠪᠣᠯᠢᠭᠰᠠᠨᠪᠥᠭᠡᠮ ᠪᠥᠭᠡᠮ ᠭᠠᠯ ᠤᠨ ᠭᠡᠷᠡᠯ ᠠᠳᠠ ᠲᠡᠨᠳᠡ ᠦᠭᠡᠢ ᠤᠯᠠᠯᠵᠠᠭᠠᠳ ᠪᠠᠶᠢᠬᠤ ᠪᠠᠷ ᠭᠤᠷᠪᠠᠨ ᠴᠢᠯᠠᠭᠤᠳ ᠨᠢ ᠦᠨᠡᠰᠤ ᠪᠠᠨ ᠮᠠᠨᠠᠵᠤ ᠠᠶᠠᠨ ᠤ ᠵᠠᠭᠤᠨ ᠢ ᠬᠦᠯᠢᠶᠡᠨᠡᠮᠳᠠᠩᠳᠡ ᠪᠠᠨ ᠬᠤᠶᠢᠯᠠᠷᠠᠬᠤ ᠳᠣᠭᠤᠰᠤᠨ ᠤ ᠳᠤᠮᠳᠠ ᠲᠥᠭᠦᠮ ᠳᠠᠯᠠᠩ ᠲᠡᠭᠰᠢᠷᠡᠬᠦ ᠪᠠᠷ ᠲᠠᠩᠳᠡᠭᠦᠦ ᠴᠠᠶᠢᠯᠭᠠᠨ ᠮᠢᠨᠤ ᠶᠢᠷᠳᠢᠨᠴᠤ ᠪᠣᠭᠤᠨᠢᠬᠠᠨ ᠨᠠᠷᠠ ᠲᠠᠢ ᠰᠠᠨᠠᠭᠳᠠᠨᠠᠮ ᠵᠠᠭᠤᠴᠢ ᠶᠢᠨ ᠴᠥᠯᠪᠡᠭᠡ ᠬᠦᠲᠦᠯᠦᠭᠰᠡᠨ ᠰᠠᠯᠠᠭ᠎ᠠ ᠵᠠᠮ ᠤᠳ ᠤᠯᠠᠲᠠᠭᠠᠳ ᠪᠠᠶᠢᠬᠤ ᠪᠠᠷ ᠵᠠᠭᠤᠲᠤ ᠶᠢᠨ ᠬᠡᠪᠯᠡᠯ ᠳᠤ ᠪᠣᠯᠴᠤᠵᠤ ᠤᠬᠠᠭᠠᠨ ᠨᠢ ᠪᠡᠯᠡᠷᠠᠭᠰᠠᠨ ᠲᠦᠭᠡᠷᠢᠯ ᠪᠠᠶᠢᠨᠠᠮᠰᠢᠪᠠᠭᠤᠳ ᠤᠨ ᠲᠠᠯᠠᠪᠴᠢᠨ ᠳᠤ ᠵᠡᠭᠦᠭᠳᠡᠵᠤ ᠰᠠᠨᠰᠠᠷ ᠥᠭᠡᠳᠡ ᠮᠡᠴᠣᠮᠠᠷ ᠪᠠᠶᠢᠯ᠎ᠠ ᠦᠳᠦ ᠨᠢ ᠭᠠᠵᠠᠷ ᠲᠤ ᠪᠤᠲᠠᠷᠠᠬᠤ ᠠᠴᠠ ᠵᠣᠪᠠᠭᠠᠳ ᠥᠪᠡᠷ ᠢ ᠪᠠᠨ ᠬᠦᠯᠢᠶᠡᠰᠤᠯᠠᠯ᠎ᠠ ᠴᠡᠩᠬᠡᠷ ᠬᠥᠬᠡ ᠤᠳᠤᠳ ᠢ ᠤᠭᠤᠰᠣᠷᠯᠠᠭᠠᠳ ᠰᠥᠨᠢ ᠶᠢᠨ ᠭᠦᠨ ᠢ ᠬᠤᠮᠢᠯ᠎ᠠ ᠬᠤᠪᠣᠩ ᠲᠠᠢ ᠴᠠᠢ ᠪᠠᠨ ᠰᠠᠮᠤᠷᠴᠤ ᠤᠶᠢᠳᠬᠠᠷ ᠢᠶᠠᠨ ᠰᠠᠮᠠᠯᠵᠤ ᠰᠠᠭᠤᠯ᠎ᠠ ᠁ 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ