ᠠᠯᠲᠠᠨ ᠬᠢᠩᠭᠠᠨ ᠤ ᠤᠶᠠᠩᠭᠠᠲᠤ ᠬᠠᠪᠤᠷ
ᠨᠡᠶᠢᠲᠡᠯᠡᠭᠰᠡᠨ ᠴᠠᠭ᠄
2025/3/20
                              ᠪᠤᠷᠵᠢᠬᠢᠨ ᠪᠠᠶᠠᠨᠳᠦ᠋ᠭᠦᠷᠡᠩ ᠠᠷᠭᠠᠯ ᠤᠨ ᠤᠳᠤᠭ᠎ᠠ ᠰᠤᠭᠤᠨᠠᠭᠯᠠᠭᠰᠠᠨ ᠲᠡᠭᠷᠢ ᠶᠢᠨ ᠬᠥᠬᠡ ᠮᠠᠨᠳᠠᠯ ᠳᠤ ᠠᠴᠢᠶᠠᠨ ᠤ ᠲᠡᠮᠡᠭᠡ ᠰᠢᠭ ᠡᠭᠦᠯᠡᠰ ᠨᠢ ᠬᠤᠷ᠎ᠠ ᠶᠢᠨ ᠥᠩᠭᠡ ᠪᠠᠷ ᠨᠡᠭᠦᠳᠡᠯᠯᠡᠨ᠎ᠡ ᠠᠷᠤ ᠨᠤᠲᠤᠭ ᠤᠨ ᠬᠠᠪᠤᠷ ᠤᠷᠭ᠎ᠠ ᠶᠢᠨ ᠦᠵᠦᠭᠦᠷ ᠨᠠᠬᠢᠯᠵᠠᠨ ᠠᠯᠲᠠᠨ ᠬᠢᠩᠭᠠᠨ ᠤ ᠡᠩᠭᠡᠷ ᠢᠷᠭᠤᠢ ᠨᠢᠳᠦᠯᠡᠵᠦ ᠮᠦᠰᠢᠶᠡᠨᠡᠮᠲᠡᠭᠷᠢ ᠲᠣᠯᠢᠳᠠᠭᠰᠠᠨ ᠨᠠᠭᠤᠷ ᠨᠢ ᠮᠦᠩᠭᠦᠨ ᠳᠣᠯᠬᠢᠶ᠎ᠠ ᠬᠠᠶᠠᠯᠠᠬᠤ ᠳᠤ ᠲᠡᠷᠲᠡᠭᠡ ᠠᠯᠤᠰ ᠤᠨ ᠬᠠᠷᠭᠤᠢ ᠵᠡᠷᠭᠡᠯᠭᠡᠨ ᠳᠤᠮᠳᠠ ᠪᠠᠨ ᠰᠦᠮᠡᠯᠵᠡᠨ᠎ᠡ ᠲᠡᠩᠭᠡᠯᠢᠭ ᠪᠦᠲᠦᠨ ᠡᠷᠭᠢᠯᠳᠦᠬᠦ ᠡᠬᠡ ᠭᠠᠵᠠᠷ ᠤᠨ ᠠᠮᠢᠰᠬᠤᠭ᠎ᠠ ᠲᠠᠪᠢᠯᠠᠩ ᠵᠠᠶᠠᠭᠠᠨ ᠤ ᠣᠷᠴᠢᠯᠠᠩ ᠢ ᠬᠠᠶᠢᠷ᠎ᠠ ᠶᠢᠨ ᠥᠩᠭᠡ ᠪᠠᠷ ᠴᠢᠮᠡᠭᠯᠡᠨᠡᠮᠳᠣᠯᠣᠭᠠᠨ ᠪᠤᠷᠬᠠᠨ ᠣᠳᠣᠨ ᠰᠦᠨᠢ ᠶᠢᠨ ᠲᠡᠭᠷᠢ ᠶᠢ ᠠᠰᠠᠭᠠᠵᠤ ᠲᠤᠤᠯᠢ ᠶᠢᠨ ᠴᠡᠩᠬᠡᠷ ᠰᠠᠯᠬᠢᠨ ᠨᠢ ᠦᠨᠳᠦᠷᠯᠢᠭ ᠤᠨ ᠡᠭᠡᠰᠢᠭ ᠢ ᠴᠢᠪᠬᠠᠳᠠᠨ᠎ᠠ ᠳᠡᠯᠪᠢ ᠪᠠᠨ ᠨᠡᠭᠡᠭᠡᠵᠦ ᠪᠤᠢ ᠴᠡᠴᠡᠭ ᠤᠨ ᠵᠡᠭᠦᠳᠦ ᠬᠠᠭᠳᠠ ᠶᠢᠨ ᠳᠣᠣᠷ᠎ᠠ ᠠᠴᠠ ᠴᠣᠬᠤᠶᠢᠭᠠᠳ ᠲᠠᠩᠭᠢᠰ ᠭᠠᠲᠤᠯᠤᠭᠰᠠᠨ ᠰᠢᠪᠠᠭᠤᠳ ᠭᠠᠩᠭᠠᠷ ᠭᠤᠩᠭᠤᠷ ᠨᠠᠭᠠᠰᠢᠯᠠᠨᠠᠮᠬᠠᠷᠴᠠᠭᠠᠢ ᠱᠣᠩᠬᠤᠷ ᠬᠠᠯᠢᠭᠰᠠᠨ ᠶᠡᠭᠡ ᠬᠢᠩᠭᠠᠨ ᠤ ᠨᠢᠷᠤᠭᠤᠨ ᠳᠤ ᠬᠠᠳᠠᠨ ᠭᠦᠷᠦᠭᠡᠰᠦ ᠴᠠᠬᠢᠯᠵᠤ ᠠᠮᠤᠷ ᠠᠮᠤᠭᠤᠯᠠᠩ ᠳᠤ ᠭᠡᠷᠡᠯᠲᠦᠨ᠎ᠡ ᠬᠠᠰᠠᠭ ᠤᠨ ᠬᠦᠷᠳᠦ ᠲᠠᠮᠠᠭᠠᠯᠠᠭᠰᠠᠨ ᠶᠡᠭᠡ ᠲᠠᠯ᠎ᠠ ᠶᠢᠨ ᠭᠦᠨ ᠳᠤ ᠬᠠᠨ ᠲᠡᠭᠷᠢ ᠶᠢᠨ ᠬᠠᠷᠠᠴᠠᠨ ᠠᠴᠠ ᠰᠦ ᠠᠰᠬᠠᠷᠠᠳᠠᠭ ᠪᠠᠶᠢᠨᠠᠮ 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ