ᠬᠥᠮᠥᠨ ᠤ ᠨᠢᠭᠡ ᠨᠠᠰᠤ ᠭᠡᠭᠴᠢ ᠶᠠᠭᠤᠲᠠᠢ ᠠᠵᠠ ᠲᠠᠢ ᠠᠳᠠᠯ᠎ᠠ ᠠᠯᠵᠢᠶᠠᠯ ᠲᠠᠢ ᠪᠢᠯᠡ᠃ ᠥᠰᠬᠦᠢ᠂ ᠰᠤᠷᠬᠤᠢ᠂ ᠠᠵᠢᠯᠯᠠᠬᠤᠢ᠂ ᠠᠮᠢᠳᠤᠷᠠᠬᠤᠢ᠂ | ᠦᠢᠯᠡᠴᠢᠯᠡᠬᠦᠢ ᠭᠡᠬᠦᠴᠢᠯᠡᠨ ᠰᠢᠳᠤ ᠴᠠᠭᠠᠨ᠂ ᠦᠰᠦ ᠴᠠᠭᠠᠨ᠂ ᠴᠠᠰᠤ ᠴᠠᠭᠠᠨ ᠭᠤᠷᠪᠠᠨ ᠣᠷᠴᠢᠯ ᠢᠶᠠᠷ ᠲᠡᠭᠦᠰᠦᠨ᠎ᠡ᠃ ᠬᠥᠮᠥᠨ ᠭᠡᠭᠴᠢ ᠨᠠᠰᠤᠨ ᠲᠤᠷᠰᠢᠲᠠ ᠦᠨᠡᠨ | ᠴᠠᠭᠠᠨ ᠭᠦᠳᠡᠯᠮᠤᠷᠢ ᠲᠡᠮᠡᠴᠡᠯ ᠢᠶᠠᠷ ᠢᠶᠠᠨ ᠪᠠᠶᠠᠷᠬᠠᠵᠤ ᠬᠥᠮᠥᠨ ᠠᠷᠠᠳ ᠲᠠᠭᠠᠨ ᠥᠭᠭᠢᠶᠡᠮᠦᠷᠴᠢ ᠲᠤᠰᠠᠷᠬᠠᠭ ᠶᠠᠪᠤᠪᠠᠯ ᠬᠠᠰ ᠤᠨ ᠴᠣᠭᠴᠠᠰ ᠨᠢ ᠬᠠᠳᠠᠨ ᠭᠡᠷ ᠲᠡᠭᠡᠨ | ᠣᠷᠣᠭᠰᠠᠨ ᠴᠤ ᠬᠠᠯᠠᠭᠤᠨ ᠰᠡᠳᠬᠢᠯ ᠬᠠᠮᠤᠭ ᠮᠥᠰᠥ ᠨᠢ ᠮᠥᠩᠬᠡᠳᠡ ᠦᠯᠡᠳᠡᠵᠦ᠂ ᠬᠦᠰᠡᠯ ᠮᠥᠷᠥᠭᠡᠳᠦᠯ ᠵᠣᠷᠢᠭ ᠰᠠᠨᠠᠭ᠎ᠠ ᠨᠢ ᠴᠠᠭ ᠦᠶ᠎ᠡ ᠶᠢᠨ ᠢᠮ ᠲᠠᠮᠠᠭ᠎ᠠ | ᠪᠣᠯᠵᠤ ᠥᠨᠢᠳᠡ ᠲᠡᠮᠳᠡᠭᠯᠡᠭᠳᠡᠨ ᠬᠤᠴᠣᠷᠳᠠᠭ ᠤᠴᠢᠷᠲᠠᠢ᠃ | ᠬᠥᠮᠥᠨ ᠭᠦᠳᠡᠯᠮᠤᠷᠢ ᠵᠢᠳᠬᠦᠯ ᠢᠶᠠᠷ ᠢᠶᠠᠨ ᠲᠦᠮᠡᠨ ᠠᠮᠢᠳᠠᠨ ᠠᠴᠠ ᠢᠯᠭᠠᠭᠳᠠᠵᠤ᠂ ᠭᠦᠳᠡᠯᠮᠤᠷᠢᠴᠢ ᠬᠤᠶᠠᠷ ᠭᠠᠷ ᠢᠶᠠᠷ ᠢᠶᠠᠨ ᠲᠡᠦᠬᠡ ᠶᠢ ᠪᠦᠲᠦᠭᠡᠭᠰᠡᠨ ᠶᠤᠮᠰᠠᠨ | ᠃ ᠠᠵᠢᠯᠴᠢ ᠭᠦᠳᠡᠯᠮᠤᠷᠢᠴᠢ ᠪᠣᠯ ᠠᠯᠳᠠ ᠠᠴᠠ ᠦᠨᠡᠲᠡᠢ ᠶᠤᠮ ᠭᠡᠵᠦ ᠡᠷᠳᠡᠮᠲᠡᠨ ᠮᠡᠷᠭᠡᠳ ᠰᠤᠷᠭᠠᠨ ᠨᠣᠮᠯᠠᠭᠰᠠᠨ ᠨᠢ ᠦᠨᠡᠨᠲᠡᠢ᠂ ᠤᠢ ᠤᠬᠠᠭᠠᠨ ᠠᠪᠢᠶᠠᠰ ᠪᠢᠯᠢᠭ | ᠭᠦᠳᠡᠯᠮᠤᠷᠢ ᠠᠴᠠ ᠴᠡᠴᠡᠭᠯᠡᠳᠡᠭ ᠭᠡᠵᠦ ᠶᠡᠬᠡᠰ ᠳᠡᠭᠡᠳᠦᠰ ᠮᠠᠨᠢ ᠰᠡᠴᠡᠯᠡᠭᠰᠡᠨ ᠨᠢ ᠪᠢᠰᠢᠷᠡᠯᠲᠡᠢ᠃ ᠵᠢᠳᠬᠦᠬᠦ ᠠᠴᠠ ᠪᠦᠳᠦᠨ᠎ᠠ᠂ ᠠᠯᠵᠠᠭᠤᠷᠠᠬᠤ ᠠᠴᠠ ᠠᠷᠢᠯᠤᠨ᠎ᠠ | ᠭᠡᠳᠡᠭ ᠪᠢᠰᠢᠦ᠂ ᠠᠷᠢᠭᠤᠨ ᠭᠦᠳᠡᠯᠮᠤᠷᠢ ᠪᠠᠷ ᠢᠶᠠᠨ ᠠᠮᠢᠳᠤᠷᠠᠭᠰᠠᠨ ᠬᠥᠮᠥᠨ ᠦᠢ ᠤᠯᠠᠨ ᠤ ᠪᠢᠰᠢᠷᠡᠯ ᠬᠦᠨᠳᠦᠳᠬᠡᠯ ᠢ ᠣᠯᠵᠤ᠂ ᠠᠮᠵᠢᠯᠲᠠ ᠢᠯᠠᠯᠲᠠ ᠪᠠᠷ | ᠳᠦᠭᠦᠷᠡᠩ ᠶᠠᠪᠤᠳᠠᠭ᠃ ᠠᠯᠵᠠᠭᠤ ᠵᠠᠯᠬᠠᠭᠤ ᠬᠤᠶᠢᠷᠭᠤᠰᠢᠵᠤ ᠠᠯᠪᠠ ᠬᠠᠰᠢᠵᠤ ᠠᠮᠠ ᠪᠦᠭᠯᠡᠭᠰᠡᠳ ︽ᠮᠥᠰᠥᠨ ᠳᠡᠭᠡᠷ᠎ᠡ ᠪᠠᠷᠢᠭᠰᠠᠨ ᠭᠡᠷ︾᠂ ︽ᠴᠠᠰᠤᠨ ᠳᠣᠣᠷ᠎ᠠ | ᠪᠤᠯᠠᠭᠰᠠᠨ ᠪᠣᠳᠠᠰ︾ ᠯᠤᠭ᠎ᠠ ᠠᠳᠠᠯᠢᠬᠠᠨ ᠬᠡᠢ ᠬᠤᠭᠤᠰᠤᠨ ᠪᠣᠯᠵᠤ᠂ ᠡᠴᠦᠰ ᠲᠡᠭᠡᠨ ᠨᠢᠭᠤᠪᠠᠴᠤ ᠨᠢᠷᠤᠭᠤ ᠨᠢ ᠢᠯᠡ᠂ ᠳᠠᠯᠳᠠᠯᠠᠪᠠᠴᠤ ᠳᠠᠯᠤ ᠨᠢ ᠢᠯᠡ ᠰᠢᠪᠰᠢᠭᠲᠦ | ᠲᠡᠭᠦᠰᠬᠡᠯ ᠢᠶᠠᠷ ᠳᠠᠭᠤᠰᠳᠠᠭ᠃ | ᠬᠥᠳᠡᠯᠮᠦᠷᠢᠴᠢᠳ ᠶᠠᠳᠠᠷᠠᠬᠤ ᠰᠠᠶᠢᠬᠠᠨ᠂ ᠬᠥᠯᠥᠰᠦᠨ ᠳᠤᠨᠢ ᠴᠡᠴᠡᠭ ᠳᠡᠯᠭᠡᠷᠡᠳᠡᠭ ᠶᠤᠮ ᠭᠡᠵᠦ ᠠᠯᠢ ᠨᠢᠭᠡ ᠢᠷᠠᠭᠤ ᠨᠠᠶᠢᠷᠠᠭᠴᠢ ᠰᠢᠯᠦᠭᠯᠡᠭᠰᠡᠨ ᠰᠢᠭ | ᠰᠠᠨᠠᠭᠳᠠᠨ᠎ᠠ᠃ ᠠᠵᠢᠯ ᠭᠦᠳᠡᠯᠮᠤᠷᠢ ᠭᠡᠭᠴᠢ ᠳᠡᠷᠡ ᠴᠡᠭ ᠢᠶᠠᠷ ᠢᠶᠠᠨ ᠠᠮᠢ ᠨᠠᠰᠤᠨ ᠤ ᠦᠨᠦᠷ ᠠᠮᠲᠠ ᠶᠢ ᠨᠡᠮᠡᠭᠳᠡᠭᠦᠯᠬᠦ ᠳᠠᠪᠤᠰᠤ᠂ ᠠᠭᠯᠠᠭ ᠠᠭᠤᠯᠠ ᠶᠢ ᠳᠠᠪᠠᠵᠤ | ᠠᠨᠠᠪᠠᠳ ᠳᠠᠯᠠᠢ ᠶᠢ ᠳᠤᠭᠤᠯᠬᠤ ᠱᠠᠲᠤ ᠳᠡᠪᠢᠰᠬᠡᠷ ᠪᠠᠶᠢᠵᠤ ᠳᠠᠭᠠᠷᠠᠨ᠎ᠠ᠃ ᠬᠠᠨ ᠬᠤᠷᠸ᠎ᠠ ᠶᠢ ᠭᠡᠷᠡᠯᠳᠤᠭᠦᠯᠭᠦ ᠬᠠᠮᠤᠭ ᠤᠨ ᠰᠠᠶᠢᠬᠠᠨ ᠠᠯᠳᠠᠷ ᠪᠣᠯ ᠭᠦᠳᠡᠯᠮᠤᠷᠢ᠂ | ᠬᠠᠯᠠ ᠵᠣᠪᠠᠭᠤᠷᠢ ᠶᠢᠨ ᠬᠥᠷᠥᠰᠥ ᠶᠢ ᠥᠩᠭᠡᠵᠢᠭᠦᠯᠬᠦ ᠬᠠᠮᠤᠭ ᠤᠨ ᠭᠤᠶᠣᠬᠠᠨ ᠴᠡᠴᠡᠭᠡᠰ ᠪᠣᠯ ᠭᠦᠳᠡᠯᠮᠤᠷᠢ ᠠ᠋᠃ ᠥᠩᠭᠡᠷᠡᠭᠰᠡᠨ ᠤ ᠬᠥᠯᠥᠰᠦ ᠭᠦᠳᠡᠯᠮᠤᠷᠢ | ᠥᠨᠥᠳᠥᠷ ᠤᠨ ᠥᠪ ᠬᠥᠷᠥᠩᠭᠡ ᠪᠣᠯᠤᠭᠰᠠᠨ ᠢᠶᠠᠨ ᠥᠮᠴᠢᠷᠬᠡᠵᠦ ᠪᠤᠳᠤᠬᠤ ᠠᠴᠠ ᠥᠭᠡᠷ᠎ᠡ ᠨᠠᠨᠳᠢᠨ ᠶᠠᠭᠤᠮ᠎ᠠ ᠠᠯᠠᠭ᠎ᠠ᠃ | ᠬᠥᠮᠥᠨ ᠬᠦᠴᠢᠷ ᠵᠤᠪᠠᠯᠠᠩ ᠢ ᠭᠦᠳᠡᠯᠮᠤᠷᠢ ᠪᠠᠷ ᠢᠯᠠᠵᠤ᠂ ᠭᠦᠷ ᠪᠠᠶᠠᠷ ᠵᠣᠯ ᠵᠢᠷᠭᠠᠯ ᠢ ᠭᠦᠳᠡᠯᠮᠤᠷᠢ ᠪᠠᠷ ᠢᠶᠠᠨ ᠴᠣᠭᠴᠠᠯᠠᠳᠠᠭ᠃ ᠬᠥᠳᠡᠯᠮᠦᠷᠢᠯᠡᠵᠦ ᠶᠠᠪᠤᠭᠠᠷᠠᠢ | ᠬᠥᠮᠥᠰ ᠠ᠋᠂ ᠭᠦᠳᠡᠯᠮᠤᠷᠢ ᠶᠢ ᠡᠷᠬᠢᠮᠯᠡᠵᠦ ᠶᠠᠪᠤᠭᠠᠷᠠᠢ᠂ ᠬᠥᠳᠡᠯᠮᠦᠷᠢᠴᠢᠨ ᠲᠦᠮᠡᠨ ᠢᠶᠠᠨ ᠭᠦᠨᠳᠤᠳᠭᠡᠵᠦ ᠶᠠᠪᠤᠭᠠᠷᠠᠢ︕ |