ᠠᠶᠢᠯ ᠤᠨ ᠠᠬ᠎ᠠ ᠴᠡᠭᠡᠵᠢ ᠪᠠᠨ ᠤᠷᠤᠭᠰᠢ ᠲᠦᠷᠢᠵᠦ ᠬᠥᠯ ᠢᠶᠠᠨ ᠴᠢᠷᠦᠭᠰᠡᠭᠡᠷ ᠠᠶᠢᠰᠤᠢ᠃ ᠭᠠᠷ ᠢᠶᠠᠨ ᠰᠠᠵᠢᠬᠤ ᠦᠭᠡᠢ ᠬᠠᠷᠢᠨ ᠠᠷᠤᠨᠰᠢ ᠪᠠᠨ ᠳᠡᠷᠪᠠᠶᠢᠯᠭᠡᠵᠦ | ᠶᠠᠪᠤᠳᠠᠭ ᠰᠣᠨᠢᠨ ᠬᠥᠮᠥᠨ᠃ | ︽ᠰᠠᠶᠢᠨ ᠤᠤ᠂ ᠲᠠ︕ ᠭᠡᠷ ᠳᠠᠶᠠᠭᠠᠷ ᠢᠶᠠᠨ ᠰᠠᠶᠢᠨ ᠪᠠᠶᠢᠵᠠᠭᠠᠨ᠎ᠠ ᠤᠤ︖︾ ᠭᠡᠰᠡᠨ ᠳᠤ᠂ ︽ᠰᠠᠶᠢᠨ᠂ ᠰᠠᠶᠢᠨ ᠤᠤ︖︾ ᠭᠡᠳ ᠶᠠᠮᠠᠷ ᠨᠢᠭᠡᠨ | ᠵᠦᠢᠯ ᠳᠤ ᠶᠠᠭᠠᠷᠠᠭᠰᠠᠨ ᠪᠤᠯᠤᠯᠳᠠᠢ ᠨᠢᠳᠦ ᠨᠢ ᠲᠣᠭᠲᠠᠵᠤ ᠶᠠᠳᠠᠨ᠎ᠠ᠃ | ︽ᠬᠠᠮᠢᠭ᠎ᠠ ᠣᠴᠢᠬᠤ ᠭᠡᠵᠦ ᠶᠠᠪᠤᠨ᠎ᠠ︖︾ ᠭᠡᠰᠡᠨ ᠳᠤ᠂ ︽ᠪᠠᠯᠭᠠᠰᠤᠨ ᠳᠡᠭᠡᠷ᠎ᠡ ᠡᠷᠦᠭᠡ ᠶᠢᠨ ᠴᠡᠷᠢᠭ ᠤᠨ ᠴᠤᠭᠯᠠᠭᠠᠨ ᠪᠤᠯᠬᠤ ᠭᠡᠳ ᠬᠥᠯ ᠭᠠᠵᠠᠷ ᠬᠦᠷᠬᠦ | ᠦᠭᠡᠢ ᠳᠡᠭᠳᠡᠵᠦ ᠶᠠᠪᠤᠨ᠎ᠠ᠃ ᠠᠶᠢᠯ ᠤᠨ ᠠᠬ᠎ᠠ ᠨᠢ ᠡᠷᠦᠭᠡ ᠶᠢᠨ ᠴᠡᠷᠢᠭ ᠤᠨ ᠪᠣᠯᠪᠠᠰᠤᠷᠠᠯ ᠳᠤ ᠳᠠᠪᠲᠠᠭᠳᠠᠵᠤ ᠶᠠᠪᠤᠭᠰᠠᠨ︾ ᠭᠡᠳ ᠮᠠᠶᠢᠵᠢᠭᠢᠨᠠᠪᠠ᠃ ᠬᠥᠯ ᠨᠢ | ᠬᠤᠮᠦ᠋ᠢᠵᠤ ᠲᠠᠮᠤᠯᠳᠤᠵᠤ ︵ᠨᠢᠭᠡ ᠬᠥᠯ ᠨᠢ ᠨᠦᠭᠦᠭᠡ ᠬᠥᠯ ᠳᠤ ᠲᠡᠭᠡᠭᠯᠡᠨ ᠣᠶᠢᠴᠢᠬᠤ︶ ᠤᠨᠠᠬᠤ ᠳᠤ ᠬᠤᠯᠠ ᠦᠭᠡᠢ ᠮᠠᠶᠢᠵᠢᠭᠢᠨᠠᠬᠤ ᠨᠢ ᠡᠮᠨᠢᠭ ᠲᠤᠬᠰᠢᠨ | ᠤᠨᠤᠵᠤ᠂ ᠠᠵᠢᠯ ᠤᠨ ᠬᠦᠨᠳᠦ ᠶᠢ ᠬᠢᠵᠦ ᠶᠠᠪᠤᠭᠰᠠᠨ ᠢᠶᠠᠨ ᠭᠡᠷᠡᠴᠢᠯᠡᠬᠦ ᠭᠡᠰᠡᠨ ᠮᠡᠲᠦ᠃ ᠨᠣᠭᠤᠭᠠᠨ ᠲᠠᠰᠠᠮ᠎ᠠ ᠲᠠᠢ ᠴᠠᠭᠠᠨ ᠪᠤᠯᠢᠭᠠᠷᠢ ᠭᠤᠳᠤᠯ ᠨᠢ ᠤᠷᠤᠭ ᠬᠠᠯᠲᠠᠷ | ᠪᠣᠯᠵᠠᠢ᠃ ᠲᠣᠭᠤᠰᠣ ᠰᠢᠷᠣᠢ ᠳᠠᠭᠠᠭᠠᠬᠤ ᠪᠠᠷ ᠬᠠᠷ᠎ᠠ ᠪᠠᠷᠠᠭᠠᠨ ᠥᠩᠭᠡᠲᠡᠢ ᠭᠤᠳᠤᠯ ᠡᠮᠦᠰᠦᠭᠰᠡᠨ ᠦᠭᠡᠢ ᠨᠢ ᠬᠠᠷᠢᠨ ᠵᠠᠯᠠᠭᠤ ᠽᠠᠨᠳᠠᠨ ᠶᠠᠪᠤᠭᠰᠠᠨ ᠢᠶᠠᠷ ᠢᠶᠠᠨ | ᠪᠠᠭ᠋ᠠᠷᠬᠠᠬᠤ ᠭᠡᠰᠡᠨ ᠶᠤᠮ ᠪᠢᠵᠡ᠃ | ᠡᠷᠦᠭᠡ ᠶᠢᠨ ᠴᠡᠷᠢᠭ ᠭᠡᠰᠡᠨ ᠨᠢ ᠮᠠᠨᠤᠰ ᠢ ᠪᠠᠭ᠎ᠠ ᠳᠤ ᠬᠦᠴᠦ ᠳᠣᠷᠪᠢ ᠲᠠᠢ᠂ ᠵᠠᠯᠠᠭᠤ ᠢᠳᠡᠷᠴᠦᠳ ᠨᠢ ᠡᠷᠦᠭᠡ ᠶᠢᠨ ᠴᠡᠷᠢᠭ ᠲᠤ ᠲᠠᠲᠠᠭᠳᠠᠭᠠᠳ ᠬᠡᠦᠬᠡᠳ | ᠬᠥᠭᠰᠢᠳ ᠯᠡ ᠮᠠᠯ ᠤᠨ ᠵᠠᠬ᠎ᠠ ᠳᠡᠭᠡᠷ᠎ᠡ ᠬᠤᠴᠣᠷᠳᠠᠭ ᠪᠠᠶᠢᠯ᠎ᠠ᠃ ᠠᠪᠤ ᠬᠡᠳᠦᠨ ᠲᠡᠭᠡᠭᠡᠪᠦᠷᠢ ᠶᠢᠨ ᠲᠡᠮᠡᠭᠡ ᠬᠥᠲᠥᠯᠥᠨ᠂ ᠤᠷᠳᠤ ᠠᠭᠤᠯᠠᠨ ᠠᠴᠠ ᠡᠪᠡᠰᠦᠨ ᠬᠦᠷᠢᠶ᠎ᠡ | ᠲᠠᠲᠠᠬᠤ ᠮᠣᠳᠣ ᠪᠠᠭᠤᠯᠭᠠᠬᠤ ᠪᠠᠷ ᠶᠠᠪᠤᠭᠠᠳ ᠡᠵᠡᠭᠦᠢ᠃ | ᠮᠠᠨ ᠤ ᠬᠢ ᠬᠤᠨᠢ ᠤᠯᠠᠨ ᠲᠠᠢ᠃ ᠴᠠᠰᠤ ᠣᠷᠣᠵᠤ ᠲᠡᠭᠷᠢ ᠬᠦᠢᠲᠡᠷᠡᠨ ᠮᠠᠯ ᠢᠶᠠᠨ ᠬᠠᠰᠢᠶᠠᠯᠠᠵᠤ ᠡᠬᠢᠯᠡᠩᠭᠦᠲᠡ ᠬᠤᠷᠤᠭ᠎ᠠ ᠬᠤᠲᠠᠨ ᠤ ᠰᠢᠭᠡᠭ ᠵᠤᠵᠠᠭᠠᠷᠠᠨ | ᠬᠤᠷᠢ ᠬᠤᠨᠣᠬᠤ ᠦᠭᠡᠢ ᠯᠠ ᠬᠥᠷᠵᠡᠩ ᠭᠢᠰᠬᠢᠬᠦ ᠠᠵᠢᠯ ᠭᠠᠷᠤᠨ᠎ᠠ᠃ ᠨᠢᠭᠡ ᠡᠳᠦᠷ ᠪᠠᠷᠪᠠᠶᠢᠭᠰᠠᠨ ᠬᠠᠷ᠎ᠠ ᠰᠠᠬᠠᠯ ᠲᠠᠢ ᠲᠠᠭᠵᠢᠭᠠᠷ ᠵᠢᠵᠢᠭᠬᠡᠨ ᠪᠡᠶ᠎ᠡ ᠲᠠᠢ | ᠪᠠᠲᠤᠴᠠᠭᠠᠨ ᠭᠡᠭᠴᠢ ᠬᠥᠮᠥᠨ᠂ ᠠᠳᠤᠭᠤᠴᠢᠨ ᠠᠪᠠᠭ᠎ᠠ ᠴᠢᠮᠡᠳ ᠤᠨ ᠬᠠᠮᠲᠤ ᠬᠥᠷᠵᠡᠩ ᠭᠢᠰᠬᠢᠯᠴᠡᠬᠦ ᠪᠠᠷ ᠢᠷᠡᠯ᠎ᠡ᠃ | ᠬᠤᠨᠢ ᠬᠤᠲᠠᠯᠠᠭᠤᠯᠵᠤ ᠶᠠᠪᠤᠩᠭᠠᠨ ᠪᠢ᠂ ᠠᠬ᠎ᠠ ᠳᠤ᠄ ︽ᠳᠡᠷᠪᠠᠶᠢᠭᠡᠳ ᠶᠠᠪᠠᠭᠠᠨ ᠭᠠᠯᠠᠭᠤ ᠰᠢᠭ᠋ ᠶᠠᠮᠠᠷ ᠬᠠᠴᠢᠨ ᠠᠯᠬᠤᠳᠠᠭ ᠬᠥᠮᠥᠨ ᠪᠤᠢ︖︾ ᠭᠡᠰᠡᠨ ᠳᠤ | ᠂ ︽ᠪᠠᠷᠪᠠᠶᠢᠭᠰᠠᠨ ᠬᠠᠷ᠎ᠠ ᠰᠠᠬᠠᠯ ᠨᠢ ᠪᠠᠷᠢᠭᠤᠯ ᠵᠠᠭᠤᠴᠢᠬᠠᠭᠰᠠᠨ ᠶᠤᠮᠰᠢᠭ᠃ ᠶᠡᠷᠦ ᠨᠢ ᠡᠨᠡ ︿ᠪᠠᠷᠢᠭᠤᠯ ᠰᠠᠬᠠᠯᠲᠤ﹀ ᠴᠢᠨᠢ ᠲᠠᠬᠳᠠᠭᠠᠨᠠᠭᠠᠳ ᠬᠥᠷᠵᠡᠩ | ᠳᠠᠭᠠᠭᠠᠳᠠᠭ ᠶᠤᠮ ᠪᠣᠯ ᠤᠤ ᠳ᠋ᠠ︾ ᠭᠡᠵᠦ ᠪᠠᠶᠢᠨ᠎ᠠ᠃ ᠪᠢ ᠲᠤᠰᠴᠤ ᠠᠪᠤᠭᠠᠳ ︽ᠶᠣᠰᠣᠲᠠᠢ ᠣᠨᠣᠭᠠᠭᠰᠠᠨ ᠨᠡᠷ᠎ᠡ︾ ᠭᠡᠲᠡᠯ᠎ᠡ ᠡᠵᠢ ᠬᠡᠵᠢᠶᠡᠨᠡᠢ ᠦᠭᠡᠢ ᠣᠯᠣᠭᠠᠳ | ᠰᠣᠨᠣᠰᠴᠢᠬᠠᠵᠠᠢ᠃ ︽ᠲᠡᠷᠡ ᠬᠥᠮᠥᠨ ᠤ ᠲᠠᠭᠳᠠᠭᠠᠷ ᠪᠡᠶ᠎ᠡ᠂ ᠪᠠᠷᠪᠠᠭᠠᠷ ᠰᠠᠬᠠᠯ ᠨᠢ ᠲᠠ ᠨᠠᠷ ᠲᠤ ᠶᠠᠮᠠᠷ ᠬᠠᠮᠢᠶ᠎ᠠ ᠲᠠᠢ ᠶᠤᠮ︖ ᠬᠥᠮᠥᠨ ᠤ ᠲᠦᠷᠦᠭᠰᠡᠨ | ᠲᠥᠷᠬᠦ ᠶᠢ ᠦᠯᠡᠵᠦ ᠰᠡᠪᠯᠡᠬᠦ ᠳᠡᠭᠡᠨ ᠁ ᠵᠠᠳᠠᠷᠠᠭᠰᠠᠨ ᠠᠮᠠ ᠲᠠᠢ ᠲᠤᠷᠠᠰᠭ᠋ᠠ ᠨᠤᠭᠤᠳ︾ ᠭᠡᠵᠦ ᠵᠠᠩᠳᠤᠷᠪᠠ᠃ | ᠣᠷᠣᠢ ᠨᠢ ᠴᠢᠮᠡᠳ ᠠᠪᠠᠭ᠎ᠠ ᠵᠡᠭᠦᠨ ᠭᠡᠷ ᠲᠤ ᠡᠮᠡᠭᠡ᠂ ᠡᠵᠢ ᠬᠤᠶᠠᠷ ᠲᠠᠢ ᠬᠠᠭᠤᠴᠢᠯᠠᠨ᠂ ᠥᠨᠥ ︽ᠪᠠᠷᠢᠭᠤᠯ ᠰᠠᠬᠠᠯᠲᠤ︾ ᠮᠠᠨ ᠤ ᠠᠬ᠎ᠠ ᠳᠡᠭᠦᠦ | ᠭᠤᠷᠪᠠ ᠲᠠᠢ ᠪᠠᠷᠠᠭᠤᠨ ᠭᠡᠷ ᠲᠤ ᠱᠠᠭ᠎ᠠ ᠬᠠᠮᠤᠯᠠ᠃ ᠣᠷᠣᠢ ᠣᠷᠣᠢ ᠱᠠᠭ᠎ᠠ ᠬᠠᠮᠤᠳᠠᠭ ᠮᠠᠨ ᠤ ᠭᠤᠷᠪᠠ ᠱᠠᠭ᠎ᠠ ᠬᠠᠮᠤᠬᠤ ᠳᠠᠭᠠᠨ ᠣᠪᠣᠭ᠎ᠠ ᠯᠠ ᠳ᠋ᠠ᠃ ᠬᠠᠷᠢᠨ ︽ | ᠪᠠᠷᠢᠭᠤᠯ ᠰᠠᠬᠠᠯᠲᠤ︾ ᠱᠠᠭ᠎ᠠ ᠬᠠᠮᠤᠬᠤ ᠳᠠᠭᠠᠨ ᠲᠠᠭᠠᠷᠠᠤᠬᠠᠨ᠃ ᠬᠠᠷᠢᠭᠤ ᠦᠭᠡᠢ ᠰᠢᠭᠦᠭᠳᠡᠬᠦ ᠶᠢᠨ ᠲᠣᠯᠣᠭᠠᠢ ᠳᠡᠭᠡᠷ᠎ᠡ ︽ᠵᠠ᠂ ᠵᠠ᠂ ᠶᠠᠷᠰᠢᠭ︕ ᠱᠠᠭ᠎ᠠ | ᠬᠠᠮᠤᠵᠤ ᠲᠣᠭᠯᠠᠬᠤ ᠪᠠᠷ ᠶᠠᠮᠠᠷ ᠬᠡᠦᠬᠡᠳ ᠴᠦ ᠪᠢᠰᠢ᠃ ᠠᠶᠢᠯ ᠤᠨ ᠠᠪᠠᠭ᠎ᠠ ᠨᠢ ᠲᠠ ᠨᠠᠷ ᠲᠤ ᠦᠯᠢᠭᠡᠷ ᠶᠠᠷᠢᠶ᠎ᠠ︾ ᠭᠡᠯᠡ᠃ | ︽ᠠᠪᠠᠭ᠎ᠠ ᠨᠢ ᠳᠠᠪᠬᠢᠵᠤ ᠶᠠᠪᠤᠭ᠎ᠠ ᠮᠣᠷᠢᠨ ᠳᠡᠭᠡᠷ᠎ᠡ ᠠᠴᠠ ᠲᠡᠷᠡᠰᠦ ᠪᠤᠷᠭᠠᠰᠤ ᠪᠠᠷ ᠪᠦᠲᠦᠭᠡᠭᠳᠡᠭᠰᠡᠨ ᠮᠠᠭᠤᠰᠠᠶᠢᠨ ᠫᠠᠢ ᠨᠤᠭᠤᠳ ᠤᠨ ᠭᠠᠯ ᠮᠠᠩᠨᠠᠢ ᠶᠢ ᠨᠢ ᠭᠠᠯ | ᠪᠤᠳᠠᠷᠠᠳᠠᠯ᠎ᠠ ᠣᠨᠣᠭᠠᠳᠠᠭ ᠮᠡᠷᠭᠡᠨ ᠫᠤᠤᠴᠢ᠃ ᠮᠥᠯᠬᠦᠵᠦ ᠤᠷᠤᠭᠰᠢᠯᠠᠬᠤ ᠳᠠᠭᠠᠨ ᠪᠦᠷ ᠴᠦ ᠭᠠᠷᠮᠠᠭᠠᠢ᠃ ᠵᠡᠭᠦᠨ ᠰᠤᠭᠤᠨ ᠳᠠᠭᠠᠨ ᠫᠤᠤ ᠪᠠᠨ ᠰᠤᠭᠤᠪᠴᠢᠯᠠᠵᠤ᠂ | ᠪᠠᠷᠠᠭᠤᠨ ᠲᠣᠬᠤᠢ ᠪᠠᠷ ᠢᠶᠠᠨ ᠲᠣᠬᠤᠶᠢᠯᠳᠠᠨ ᠤᠷᠤᠭᠰᠢᠯᠠᠬᠤ ᠳᠤ ᠪᠤᠰᠤᠳ ᠡᠷᠦᠭᠡ ᠶᠢᠨ ᠴᠡᠷᠢᠭ ᠤᠳ ᠲᠡᠷᠲᠡᠭᠡ ᠲᠡᠨᠳᠡ ᠮᠢᠨᠤ ᠲᠣᠭᠤᠰᠣᠨ ᠳᠤ ᠪᠤᠯᠠᠬᠳᠠᠨ | ᠬᠤᠴᠣᠷᠳᠠᠭ᠃ ᠶᠡᠷᠦ ᠨᠢ ᠮᠠᠨ ᠤ ᠪᠠᠷᠢᠭᠠᠳᠠ ᠳᠤ ᠮᠢᠨᠤ ᠡᠮᠦᠨ᠎ᠡ ᠭᠠᠷᠬᠤ ᠳᠣᠷᠪᠢᠲᠠᠢ ᠡᠷ᠎ᠡ ᠪᠠᠶᠢᠭ᠎ᠠ ᠦᠭᠡᠢ ᠶᠤᠮ︾ ᠭᠡᠰᠡᠨ ᠳᠤ᠂ ︽ᠢ᠂ ᠶᠠᠮᠠᠷ ᠴᠢᠳᠠᠯ ᠲᠠᠢ | ᠶᠤᠮ︖︾ ᠭᠡᠳ ᠳᠡᠭᠦᠦ ᠮᠢᠨᠢ ᠲᠠᠭᠤ ᠠᠯᠳᠠᠨ᠎ᠠ᠃ | ︽ᠴᠢᠳᠠᠯ ᠲᠠᠢ ᠪᠠᠷ ᠵᠤᠬᠰᠤᠬᠤ ᠦᠭᠡᠢ ᠵᠣᠷᠢᠭ ᠲᠠᠢ᠃ ᠬᠠᠳᠠ ᠴᠢᠯᠠᠭᠤ᠂ ᠣᠷᠪᠣᠭ ᠪᠤᠳᠠ᠂ ᠴᠠᠰᠤ ᠮᠥᠰᠥᠨ ᠳᠡᠭᠡᠭᠦᠷ ᠵᠠᠮ ᠭᠤᠯᠣᠬᠤ ᠦᠭᠡᠢ ᠲᠠᠩᠺ ᠰᠢᠭ᠋ | ᠰᠢᠭᠤᠷᠬᠠᠢ ᠤᠷᠤᠭᠰᠢᠯᠠᠳᠠᠭ᠃ ᠳᠤᠯᠠᠭᠠᠨ ᠤ ᠴᠠᠭ ᠲᠤ ᠡᠪᠦᠳᠦᠭ᠂ ᠲᠣᠬᠤᠢ ᠬᠤᠶᠠᠷ ᠤᠯᠠᠭᠠᠨ ᠬᠠᠯᠴᠠᠭᠠᠢ ᠪᠣᠯᠣᠨ᠎ᠠ᠃ ᠬᠠᠷᠢᠨ ᠬᠦᠢᠲᠡᠨ ᠤ ᠤᠯᠠᠷᠢᠯ ᠳᠤ | ᠠᠷᠠᠰᠤᠨ ᠬᠤᠪᠴᠠᠰᠤ᠂ ᠰᠢᠷᠢᠨ ᠭᠤᠳᠤᠯ ᠨᠡᠮᠡᠷᠢ ᠪᠤᠯᠬᠤ ᠨᠢ ᠴᠦ ᠪᠣᠯᠣᠨ᠎ᠠ᠃ ᠠᠷᠠᠰᠤᠨ ᠬᠤᠪᠴᠠᠰᠤᠨ ᠤ ᠡᠩᠭᠡᠷ ᠲᠣᠬᠤᠢ᠂ ᠨᠡᠬᠡᠢ ᠥᠮᠥᠳᠦᠨ ᠤ ᠡᠪᠦᠳᠦᠭ | ᠲᠠᠰᠢᠶ᠎ᠠ᠂ ᠭᠤᠳᠤᠯ ᠪᠠᠭᠠᠷᠲᠤᠭ ᠤᠨ ᠬᠠᠮᠠᠷ ᠬᠤᠩᠰᠢᠶᠠᠷ ᠢ ᠲᠡᠰᠬᠡᠨ᠎ᠡ ᠭᠡᠵᠦ ᠦᠭᠡᠢ᠃ ᠦᠬᠡᠷ ᠤᠨ ᠰᠢᠷᠢ ᠪᠠᠷ ᠦᠳᠡᠭᠰᠡᠨ ᠴᠦ ᠬᠤᠶᠠᠷ ᠬᠤᠨᠣᠬᠤ ᠦᠭᠡᠢ | ᠴᠤᠭᠤᠷᠠᠨᠠ᠃ ᠮᠡᠷᠭᠡᠵᠢᠯ ᠢᠶᠠᠨ ᠲᠡᠭᠡᠭᠰᠢᠯᠡᠭᠦᠯᠵᠦ᠂ ᠬᠢᠯᠢ ᠬᠢᠵᠠᠭᠠᠷ ᠢᠶᠠᠨ ᠬᠠᠮᠠᠭᠠᠯᠠᠬᠤ ᠪᠠᠷ ᠱᠠᠯᠳᠠᠩ ᠲᠣᠬᠤᠢ᠂ ᠨᠢᠴᠦᠭᠦᠨ ᠡᠪᠦᠳᠦᠭ ᠢᠶᠠᠷ ᠲᠡᠮᠡᠴᠡᠵᠦ ᠶᠠᠪᠤᠭᠰᠠᠨ | ᠳ᠋ᠠ︾ ᠭᠡᠳ ᠬᠠᠨ᠎ᠠ ᠶᠢᠨ ᠲᠣᠯᠣᠭᠠᠢ ᠰᠢᠷᠳᠡᠨ ᠰᠠᠬᠠᠯ ᠢᠶᠠᠨ ᠰᠢᠪᠲᠤᠷᠠᠪᠠ᠃ ᠮᠠᠨᠤᠰ ᠢ ᠬᠡᠦᠬᠡᠳ ᠭᠡᠵᠦ ᠡᠯᠡᠭ ᠪᠠᠷᠢᠨ ᠬᠤᠳᠠᠯ ᠵᠠᠯᠠᠵᠤ ᠪᠠᠶᠢᠬᠤ ᠶᠢ ᠨᠢ ᠮᠡᠳᠡᠵᠦ | ᠪᠠᠶᠢᠭᠰᠠᠨ ᠴᠦ ᠬᠥᠭᠲᠡᠢ ᠶᠠᠷᠢᠶᠠᠨ ᠳᠤᠨᠢ ᠲᠠᠲᠠᠭᠳᠠᠨ᠎ᠠ᠃ | ︽ᠪᠠᠰᠠ ᠨᠢᠭᠡ ᠦᠯᠢᠭᠡᠷ ᠶᠠᠷᠢᠭᠠᠴᠢ︕︾ ᠭᠡᠳ ᠤᠳᠬᠤᠨ ᠳᠡᠭᠦᠦ ᠮᠢᠨᠢ ᠱᠠᠯᠠᠯ᠎ᠠ᠃ | ︽ᠵᠠ᠂ ᠲᠡᠭᠡᠶ᠎ᠡ︕ ᠨᠢᠭᠡ ᠡᠳᠦᠷ ᠪᠢ ᠮᠠᠨᠳᠤᠬᠤ ᠲᠣᠯᠣᠭᠠᠢ ᠶᠢᠨ ᠣᠷᠣᠢ ᠳᠡᠭᠡᠷ᠎ᠡ ᠠᠳᠤᠭᠤ ᠳᠤᠷᠠᠨᠳᠠᠵᠤ ᠰᠠᠭᠤᠲᠠᠯ᠎ᠠ ᠲᠤᠷᠠᠨ ᠤ ᠬᠠᠷᠠᠭᠠᠨ ᠳᠤ ᠳᠠᠶᠢᠰᠤᠨ ᠤ | ᠬᠠᠷ᠎ᠠ ᠨᠢᠰᠬᠡᠯ ᠣᠷᠣᠭᠠᠳ ᠢᠷᠡᠪᠡ᠃ ᠶᠠᠳᠠᠵᠤ ᠫᠤᠤ ᠪᠠᠨ ᠡᠭᠦᠷᠴᠦ ᠭᠠᠷᠤᠭᠰᠠᠨ ᠦᠭᠡᠢ᠃ ᠰᠠᠨᠳᠤᠷᠬᠤ ᠳᠠᠭᠠᠨ ᠭᠠᠭᠴᠠ ᠦᠰᠦᠷᠦᠨ ᠵᠢᠭᠦᠷ ᠠᠴᠠ ᠨᠢ ᠲᠠᠲᠠᠵᠤ | ᠤᠨᠠᠭᠠᠭᠰᠠᠨ ᠶᠤᠮ︾ ᠭᠡᠲᠡᠯ᠎ᠡ ᠠᠬ᠎ᠠ ᠫᠦᠰᠬᠢᠲᠡᠯᠡ ᠢᠨᠢᠶᠡᠭᠡᠳ᠄ ︽ᠳᠠᠶᠢᠰᠤᠨ ᠤ ᠨᠢᠰᠬᠡᠯ ᠢ ᠤᠤ︖︾ ᠭᠡᠰᠡᠨ ᠳᠤ᠂ ︽ᠵᠠ᠂ ᠵᠠ︕ ᠬᠤᠷᠠᠭ᠎ᠠ ᠲᠠᠢ | ᠬᠤᠨᠢᠨ ᠤ ᠳᠡᠭᠡᠭᠦᠷ ᠬᠠᠷ᠎ᠠ ᠰᠢᠪᠠᠭᠤ ᠡᠷᠭᠢᠯᠳᠦᠵᠦ ᠪᠠᠶᠢᠬᠤ ᠪᠠᠷ ᠨᠢ ᠰᠢᠭᠦᠷᠡᠭᠰᠡᠨ ᠶᠤᠮ︾ ᠭᠡᠯᠡ᠃ ︽ᠲᠡᠶᠢᠮᠦ ᠥᠨᠳᠥᠷ ᠳᠡᠭᠡᠷ᠎ᠡ ᠠᠴᠠ ᠤᠤ︖︾ ᠭᠡᠳ ᠳᠡᠭᠦᠦ | ᠮᠢᠨᠢ ᠭᠠᠶᠢᠬᠠᠭᠰᠠᠨ ᠶᠠᠩᠵᠤ ᠲᠠᠢ ᠲᠣᠯᠣᠭᠠᠢ ᠪᠠᠨ ᠳᠠᠯᠵᠢᠢᠯᠭᠠᠪᠠ᠃ ︽ᠮᠥᠯᠬᠦᠭᠰᠡᠭᠡᠷ ᠪᠠᠶᠢᠭᠠᠳ ᠠᠪᠠᠭ᠎ᠠ ᠶᠢᠨ ᠬᠢᠨᠢ ᠭᠠᠷ ᠰᠤᠨᠴᠢᠬᠠᠭᠰᠠᠨ ᠶᠤᠮ ᠯᠠ ᠳ᠋ᠠ᠃ ᠵᠠ᠂ | ᠵᠠ᠂ ᠡᠷᠲᠡᠬᠡᠨ ᠬᠠᠵᠠᠭᠤᠯᠠᠵᠤ ᠰᠡᠭᠦᠵᠢ ᠪᠠᠨ ᠠᠮᠠᠷᠠᠭᠠᠶ᠎ᠠ︾ ᠭᠡᠳ ᠪᠣᠰᠪᠠ᠃ | ᠮᠠᠷᠭᠠᠰᠢ ᠨᠢ ᠬᠤᠷᠤᠭ᠎ᠠ ᠭᠢᠰᠬᠢᠯ᠎ᠡ᠃ ᠤᠭ ᠤᠨ ᠮᠠᠶ᠋ᠢᠭ ᠬᠥᠯ ᠲᠠᠢ ᠥᠨᠥ ︽ᠪᠠᠷᠢᠭᠤᠯ ᠰᠠᠬᠠᠯᠲᠤ︾ ᠲᠣᠮᠣ ᠳᠥᠷᠪᠡᠯᠵᠢᠨ ᠬᠥᠷᠵᠡᠩ ᠢ ᠳᠠᠭᠠᠭᠠᠵᠤ ᠶᠠᠳᠠᠭᠰᠠᠨ | ᠶᠠᠩᠵᠤ ᠲᠠᠢ ᠮᠠᠶᠢᠵᠢᠬᠴᠢᠨ ᠠᠯᠬᠤᠬᠤ ᠶᠢ ᠬᠠᠷᠠᠭᠰᠠᠨ ᠳᠡᠭᠦᠦ ᠮᠢᠨᠢ ︽ᠠᠶᠢᠯ ᠤᠨ ᠠᠪᠠᠭ᠎ᠠ ᠠ᠋︕ ᠲᠠ ᠬᠥᠷᠵᠡᠩ ᠵᠥᠭᠡᠭᠡᠵᠦ ᠨᠠᠭᠠᠰᠢ ᠴᠠᠭᠠᠰᠢ ᠶᠠᠪᠤᠬᠤ ᠶᠢᠨ | ᠬᠡᠷᠡᠭ ᠦᠭᠡᠢ ᠯᠠ ᠳ᠋ᠠ᠃ ᠰᠤᠨᠳᠠᠭ ᠭᠠᠷ ᠢᠶᠠᠷ ᠢᠶᠠᠨ ᠁︾ ᠭᠡᠲᠡᠯ᠎ᠡ ︽ᠬᠦᠨᠳᠦ ᠬᠥᠷᠵᠡᠩ ᠭᠠᠭᠴᠠᠬᠠᠨ ᠲᠠᠯ᠎ᠠ ᠠᠴᠠ ᠨᠢ ᠠᠳᠬᠤᠬᠤ ᠪᠠᠷ ᠪᠡᠶ᠎ᠡ ᠪᠠᠨ | ᠳᠠᠭᠠᠭᠠᠬᠤ ᠦᠭᠡᠢ ᠵᠠᠮ ᠤᠨ ᠳᠤᠮᠳᠠ ᠬᠠᠭᠠᠷᠠᠴᠢᠬᠠᠨ᠎ᠠ ᠯᠠ ᠳ᠋ᠠ᠃ ᠬᠠᠷᠢᠨ ᠠᠪᠠᠭ᠎ᠠ ᠶᠢᠨ ᠬᠢᠨᠢ ᠭᠠᠷ ᠬᠦᠷᠵᠡ ᠰᠢᠭ ᠥᠷᠭᠡᠨ ᠪᠠᠶᠢᠭᠰᠠᠨ ᠪᠣᠯ ᠪᠤᠯᠬᠤ ᠯᠠ ᠶᠤᠮ︾ | ᠭᠡᠵᠦ ᠪᠠᠶᠢᠨ᠎ᠠ᠃ | ᠪᠢ ᠡᠮᠡᠭᠡ ᠠᠴᠠ ︽ᠡᠨᠡ ᠠᠶᠢᠯ ᠤᠨ ᠠᠪᠠᠭ᠎ᠠ ᠵᠢᠭᠠᠬᠠᠨ ᠬᠥᠭᠡᠷᠦᠦ ᠶᠤᠮ ᠤᠤ ᠳ᠋ᠠ︖︾ ᠭᠡᠰᠡᠨ ᠳᠤ᠄ ︽ᠬᠥᠮᠥᠨ ᠤ ᠨᠢᠭᠡ ᠵᠠᠩ ᠯᠠ ᠪᠠᠶᠢᠭ᠎ᠠ ᠪᠢᠵᠡ᠃ | ᠬᠠᠷᠢᠨ ︿ᠠᠶᠢᠯ ᠤᠨ ᠠᠪᠠᠭ᠎ᠠ﹀ ᠭᠡᠬᠦ ᠪᠠᠨ ᠪᠤᠯᠢ︕ ᠠᠬ᠎ᠠ ᠠᠴᠠ ᠴᠢᠨᠢ ᠬᠡᠳᠦᠬᠡᠨ ᠯᠠ ᠠᠬ᠎ᠠ ᠶᠤᠮ᠃ ︿ᠠᠶᠢᠯ ᠤᠨ ᠠᠬ᠎ᠠ﹀ ᠭᠡᠵᠦ ᠪᠠᠢ︾ ᠭᠡᠪᠡ᠃ ︽ᠪᠠᠷᠪᠠᠭᠠᠷ | ᠬᠠᠷ᠎ᠠ ᠰᠠᠬᠠᠯ ᠲᠠᠢ ᠬᠥᠮᠥᠨ ᠢ ᠤᠤ︖︾ ᠭᠡᠰᠡᠨ ᠳᠤ᠂ ︽ᠬᠥᠮᠥᠨ ᠢ ᠰᠠᠬᠠᠯ ᠢᠶᠠᠷ ᠨᠢ ᠪᠢᠰᠢ ᠨᠠᠰᠤ ᠪᠠᠷ ᠨᠢ ᠬᠦᠨᠳᠦᠯᠡᠳᠡᠭ ᠶᠤᠮ᠃ ᠶᠡᠷᠦ ᠨᠢ ᠠᠪᠤ ᠡᠵᠢ ᠪᠠᠨ | ᠠᠮᠢᠳᠤ ᠰᠡᠷᠡᠭᠦᠨ ᠪᠠᠶᠢᠬᠤ ᠳᠤ ᠰᠠᠬᠠᠯ ᠲᠠᠯᠪᠢᠬᠤ ᠶᠢ ᠴᠡᠭᠡᠷᠯᠡᠳᠡᠭ︾ ᠭᠡᠯᠡ᠃ ︽ᠬᠥᠭᠡᠷᠦᠬᠦᠢ᠂ ᠲᠡᠭᠡᠪᠡᠯ ᠥᠨᠥᠴᠢᠨ ᠶᠤᠮ ᠪᠠᠶᠢᠨ᠎ᠠ ᠰᠢᠳᠡ︾ ᠭᠡᠰᠡᠨ ᠳᠤ᠂ ︽ | ᠳᠤᠭᠤᠢ᠂ ᠶᠠᠭᠤ ᠳᠣᠩᠭᠤᠰᠳᠠᠭ ᠵᠣᠯᠢᠭ ᠪᠤᠢ︕ ᠠᠪᠤ ᠡᠵᠢ ᠨᠢ ᠬᠤᠶᠠᠭᠤᠯᠠ ᠬᠤᠶᠠᠭᠤᠯᠠ ᠪᠠᠨ ᠡᠷᠡᠭᠦᠯ ᠰᠠᠷᠠᠭᠤᠯ ᠰᠠᠶᠢᠬᠠᠨ ᠯᠠ ᠶᠠᠪᠤᠭ᠎ᠠ᠃ ᠶᠡᠬᠡᠴᠦᠦᠯ ᠨᠢ | ᠰᠤᠷᠭᠠᠳᠠᠭ ᠦᠭᠡᠢ ᠶᠤᠮ ᠤᠤ᠂ ᠬᠡᠯᠡᠭᠰᠡᠨ ᠢ ᠨᠢ ᠲᠣᠭᠤᠳᠠᠭ ᠦᠭᠡᠢ ᠶᠤᠮ ᠤᠤ᠂ ᠬᠡᠦᠬᠡᠳ ᠢᠶᠠᠷ ᠢᠶᠠᠨ ᠯᠠ ᠰᠠᠬᠠᠯ ᠰᠠᠷᠪᠠᠶᠢᠯᠭᠠᠭᠰᠠᠨ ᠬᠠᠷᠠᠭᠳᠠᠳᠠᠭ ᠶᠤᠮ︾ ᠭᠡᠵᠦ | ᠠᠶ᠎ᠠ ᠮᠠᠭᠤᠲᠠᠶᠢᠬᠠᠨ ᠳᠤᠤᠭᠠᠷᠪᠠ᠃ | ᠲᠡᠷᠡ ᠨᠢᠭᠡᠨ ᠡᠪᠦᠯ ᠮᠠᠨ ᠤ ᠬᠢ ᠠᠶᠢᠯ ᠤᠨ ᠠᠬ᠎ᠠ ᠲᠠᠢ ᠬᠠᠮᠲᠤ ᠡᠪᠦᠯᠵᠢᠵᠦ ᠪᠢᠯᠡ᠃ | ᠨᠢᠭᠡ ᠡᠳᠦᠷ ᠪᠢ ᠠᠶᠢᠯ ᠤᠨ ᠠᠬ᠎ᠠ ᠶᠢᠨ ᠳᠤ ᠣᠷᠣᠭᠰᠠᠨ ᠴᠢᠨᠢ ᠬᠥᠪᠬᠡᠨ ᠲᠠᠭᠯᠠᠭ᠎ᠠ ᠲᠠᠢ ᠠᠪᠳᠠᠷ᠎ᠠ ᠠᠴᠠ ᠪᠠᠨ ᠶᠠᠭᠤ ᠨᠢᠭᠡ ᠶᠢ ᠠᠪᠬᠤ ᠭᠡᠳ ᠰᠠᠨᠳᠠᠯᠢ | ᠳᠡᠭᠡᠷ᠎ᠡ ᠵᠣᠭᠰᠣᠨ ᠠᠪᠳᠠᠷ᠎ᠠ ᠤᠷᠤᠭᠤ ᠪᠠᠨ ᠲᠣᠩᠭᠤᠶᠢᠵᠤ ᠬᠠᠷᠠᠭᠳᠠᠪᠠ᠃ ︽ᠲᠠ ᠠᠪᠳᠠᠷ᠎ᠠ ᠶᠢᠨ ᠢᠶᠠᠨ ᠢᠷᠤᠭᠠᠷ ᠲᠤ ᠬᠦᠷᠬᠦ ᠦᠭᠡᠢ ᠪᠠᠶᠢᠭ᠎ᠠ ᠶᠤᠮ ᠤᠤ︖︾ | ᠭᠡᠰᠡᠨ ᠳᠤ᠂ ︽ᠠᠪᠳᠠᠷ᠎ᠠ ᠶᠢᠨ ᠢᠶᠠᠨ ᠢᠷᠤᠭᠠᠷ ᠲᠤ ᠬᠦᠷᠬᠦ ᠦᠭᠡᠢ ᠡᠷ᠎ᠡ ᠬᠠᠮᠢᠭ᠎ᠠ ᠪᠠᠶᠢᠭᠰᠠᠨ ᠶᠤᠮ᠂ ᠠᠯᠢ᠂ ᠳᠡᠭᠦᠦ ᠮᠢᠨᠢ︕ ᠭᠠᠯ ᠤᠨ ᠬᠠᠪᠴᠢᠭᠤᠷ ᠠᠪᠤᠭᠠᠳ | ᠠᠯᠢ︾ ᠭᠡᠯᠡ᠃ ︽ᠬᠠᠪᠴᠢᠭᠤᠷ ᠢᠶᠠᠷ ᠶᠠᠭᠠᠬᠢᠬᠤ ᠶᠤᠮ︖︾ ᠭᠡᠰᠡᠨ ᠳᠤ᠂ ︽ᠪᠣᠭᠤᠳᠠᠯ ᠲᠠᠢ ᠴᠦᠢᠳᠡᠩ ᠠᠪᠳᠠᠷ᠎ᠠ ᠶᠢᠨ ᠢᠷᠤᠭᠠᠷ ᠲᠤ ᠣᠷᠣᠴᠢᠬᠠᠭᠠᠳ ᠁ | ︾ ᠭᠡᠵᠦ ᠪᠠᠶᠢᠨ᠎ᠠ᠃ ︽ᠲᠠᠨ ᠤ ᠰᠤᠨᠳᠠᠭ ᠭᠠᠷ︖︾ ᠭᠡᠰᠡᠨ ᠳᠤ᠂ ︽ᠭᠠᠯ ᠤᠨ ᠡᠳ᠋ᠯᠡᠬᠦᠨ ᠢ ᠬᠠᠪᠴᠢᠭᠤᠷ ᠢᠶᠠᠷ ᠤᠷᠤᠯᠳᠤᠳᠠᠭ ᠶᠤᠮ᠃ ᠵᠠ᠂ ᠵᠠ᠂ ᠠᠬ᠎ᠠ ᠨᠢ | ᠭᠠᠷ ᠢᠶᠠᠨ ᠰᠤᠩᠭᠠᠭᠠᠳ ᠠᠪᠴᠢᠬᠠᠶ᠎ᠠ︾ ᠭᠡᠳ ᠲᠣᠩᠭᠤᠶᠢᠲᠠᠯᠠ ᠲᠣᠯᠣᠭᠠᠢ ᠨᠢ ᠲᠡᠶᠢᠯᠦᠨ ᠠᠪᠳᠠᠷ᠎ᠠ ᠳᠤ ᠣᠶᠢᠴᠢᠪᠠ᠃ ᠴᠢᠷᠠᠢ ᠨᠢ ᠴᠢᠷᠠᠢ ᠪᠢᠰᠢ ᠪᠣᠯᠴᠢᠬᠠᠭᠰᠠᠨ | ᠪᠣᠰᠴᠤ ᠢᠷᠡᠭᠡᠳ᠄ ︽ᠵᠠ᠂ ᠳᠡᠭᠦᠦ ᠮᠢᠨᠢ᠂ ᠡᠨᠡ ᠤᠴᠢᠷ ᠢ ᠬᠡᠨ ᠳᠤ ᠴᠦ ᠪᠢᠲᠡᠭᠡᠢ ᠬᠡᠯᠡᠭᠡᠷᠡᠢ︾ ᠭᠡᠪᠡ᠃ ᠬᠤᠶᠠᠷ ᠬᠥᠯ ᠨᠢ ᠭᠤᠵᠤᠰᠭᠢᠭᠡᠳ ᠲᠠᠯᠳᠠᠷᠠᠬᠰᠠᠨ | ᠬᠥᠭᠲᠡᠢ ᠳᠦᠷᠢ ᠨᠢ ᠨᠢᠳᠦᠨ ᠳᠤ ᠦᠵᠡᠭᠳᠡᠭᠡᠳ ᠢᠨᠢᠶᠡᠳᠦ ᠪᠠᠨ ᠪᠠᠷᠢᠵᠤ ᠶᠠᠳᠠᠭᠰᠠᠨ ᠪᠢ ᠪᠤᠰᠢᠭᠤᠬᠠᠨ ᠭᠠᠷᠴᠤ᠂ ᠠᠭᠤᠰᠬᠢ ᠪᠠᠨ ᠠᠭᠤᠵᠢᠷᠠᠲᠠᠯ᠎ᠠ ᠢᠨᠢᠶᠡᠵᠦ ᠪᠢᠯᠡ᠃ | | ᠴᠠᠰᠤ ᠬᠠᠶᠢᠯᠤᠨ ᠭᠠᠵᠠᠷ ᠲᠠᠷᠯᠠᠨᠲᠤᠭᠰᠠᠨ ᠬᠠᠪᠤᠷ ᠤᠨ ᠨᠢᠭᠡᠨ ᠡᠳᠦᠷ ᠪᠢ ᠲᠦᠯᠡᠭᠡ ᠲᠡᠭᠦᠵᠦ ᠶᠠᠪᠤᠲᠠᠯ᠎ᠠ ᠠᠶᠢᠯ ᠤᠨ ᠠᠬ᠎ᠠ ᠰᠢᠷ᠎ᠠ ᠲᠠᠶᠢᠯᠤᠭ ᠢᠶᠠᠨ ᠬᠥᠲᠥᠯᠥᠨ | ᠫᠤᠤ ᠪᠠᠨ ᠮᠥᠷᠥᠪᠴᠢᠯᠡᠨ ᠠᠶᠢᠰᠤᠢ᠃ ᠫᠤᠤ ᠪᠠᠨ ᠲᠡᠮᠡᠭᠡᠨ ᠤ ᠪᠠᠨ ᠪᠦᠭᠦᠨ ᠠᠴᠠ ᠡᠯᠭᠦᠳᠡᠭ ᠪᠣᠯᠣᠭᠠᠰᠠᠢ ᠭᠡᠵᠦ ᠪᠤᠳᠤᠨ ᠬᠦᠯᠢᠶᠡᠵᠦ ᠵᠣᠭᠰᠣᠪᠠ᠃ ᠴᠠᠭᠠᠨ ᠨᠡᠬᠡᠢ | ᠲᠡᠪᠡᠯ ᠤᠨ ᠬᠢᠨᠢ ᠲᠠᠯ᠎ᠠ ᠡᠩᠭᠡᠷ ᠶᠠᠭᠤ ᠴᠦ ᠦᠭᠡᠢ ᠨᠣᠷᠴᠢᠬᠠᠵᠠᠢ᠃ ︽ᠲᠠᠨ ᠤ ᠲᠠᠯ᠎ᠠ ᠡᠩᠭᠡᠷ ᠶᠠᠭᠠᠬᠢᠭᠠᠳ ᠨᠣᠷᠴᠢᠬᠠᠭᠰᠠᠨ ᠶᠤᠮ︖︾ ᠭᠡᠰᠡᠨ ᠳᠤ᠂ ︽ | ᠪᠤᠲᠠᠨ ᠳᠤ ᠬᠢᠷᠤᠭᠰᠠᠨ ᠲᠠᠤᠯᠠᠢ ᠲᠠᠭᠠᠷᠠᠬᠤ ᠪᠠᠷ ᠨᠢ ᠪᠣᠰᠣᠭᠠᠳ ᠲᠠᠬᠰᠢᠴᠢᠬᠠᠬᠤ ᠠᠴᠠ ᠨᠢ ᠪᠣᠯᠭᠤᠮᠵᠢᠯᠠᠨ᠂ ᠬᠤᠯᠠ ᠠᠴᠠ ᠮᠥᠯᠬᠦᠵᠦ ᠣᠴᠢᠭᠠᠳ ᠣᠨᠢᠯᠠᠭᠰᠠᠨ | ᠶᠤᠮ︾ ᠭᠡᠵᠦ ᠪᠠᠶᠢᠨ᠎ᠠ᠃ ᠦᠨᠡᠬᠡᠷ ᠰᠢᠷ᠎ᠠ ᠲᠠᠶᠢᠯᠤᠭ ᠤᠨ ᠬᠢᠨᠢ ᠪᠦᠭᠦᠨ ᠠᠴᠠ ᠲᠠᠤᠯᠠᠢ ᠡᠯᠭᠦᠭᠡ ᠲᠠᠢ ᠬᠠᠷᠠᠭᠳᠠᠪᠠ᠃ ᠡᠷᠦᠭᠡ ᠶᠢᠨ ᠴᠡᠷᠢᠭ ᠳᠡᠭᠡᠷ᠎ᠡ ᠰᠤᠷᠤᠬᠰᠠᠨ | ᠡᠷᠳᠡᠮ ᠢᠶᠠᠨ ᠬᠡᠷᠡᠭᠯᠡᠭᠰᠡᠨ ᠠᠵᠢ᠃ ︽ᠨᠡᠬᠡᠢ ᠲᠡᠪᠡᠯ ᠤᠨ ᠬᠢᠨᠢ ᠡᠩᠭᠡᠷ ᠶᠠᠭᠤ ᠴᠦ ᠦᠭᠡᠢ ᠬᠠᠳᠠᠭᠠᠳ ᠬᠤᠷᠴᠶᠢᠴᠢᠬᠠᠨᠠ ᠳ᠋ᠠ︾ ᠭᠡᠵᠦ ᠪᠤᠳᠤᠳᠠᠯᠠ᠄ ︽ᠵᠠ᠂ ᠵᠠ᠂ | ᠬᠠᠷᠢᠵᠤ ᠪᠣᠷᠣ ᠶᠢᠨ ᠱᠥᠯᠥ ᠣᠭᠤᠴᠢᠯᠠᠨ ᠳᠤᠯᠠᠭᠠᠴᠠᠶ᠎ᠠ ᠪᠠᠶᠢᠵᠤ ᠁︾ ᠭᠡᠳ ᠪᠠᠶᠠᠷᠲᠠᠢ ᠨᠢ ᠠᠷᠭ᠎ᠠ ᠦᠭᠡᠢ ᠴᠠᠭᠠᠰᠢᠯᠠᠪᠠ᠃ ᠲᠠᠤᠯᠠᠢ᠂ ᠫᠤᠤ ᠠᠴᠠ ᠨᠢ ᠠᠷᠠᠢ | ᠬᠥᠩᠭᠡᠨ ᠪᠠᠶᠢᠮᠠᠷ ᠶᠤᠮ᠃ ︽ᠬᠠᠩᠭᠠᠢ ᠳᠡᠯᠡᠬᠡᠢ ᠭᠠᠨᠵᠤᠭ᠎ᠠ ᠳᠤᠰᠤᠲᠠᠯᠠ︕︾ ᠭᠡᠵᠦ ᠪᠡᠯᠭᠡᠰᠢᠶᠡᠭᠰᠡᠨ ᠶᠤᠮ ᠪᠢᠵᠡ ᠳ᠋ᠠ᠂ ᠬᠥᠭᠡᠷᠦᠬᠦᠢ︕ ᠪᠤᠲᠠᠨ ᠤ ᠪᠣᠷᠣ | ᠲᠠᠤᠯᠠᠢ ᠪᠢᠰᠢ ᠨᠠᠮᠤᠷ ᠤᠨ ᠲᠠᠷᠭᠤᠨ ᠣᠭᠤᠨᠣ ᠤᠨᠠᠭᠠᠭᠰᠠᠨ ᠶᠤᠮᠰᠢᠭ ᠬᠥᠭᠡᠷᠴᠦ ᠶᠠᠪᠤᠭ᠎ᠠ ᠨᠢ ᠢᠨᠢᠶᠡᠳᠦᠮ ᠲᠠᠢ ᠴᠦ ᠶᠤᠮᠰᠢᠭ᠂ ᠦᠷᠦᠪᠲᠦᠯ ᠲᠠᠢ ᠴᠦ ᠶᠤᠮᠰᠢᠭ | ᠰᠠᠨᠠᠭᠳᠠᠪᠠ᠃ | ᠵᠠᠯᠠᠭᠤ ᠽᠠᠨᠳᠠᠨ ᠨᠠᠰᠤᠨ ᠳᠠᠭᠠᠨ ᠡᠷᠦᠭᠡ ᠶᠢᠨ ᠴᠡᠷᠢᠭ ᠤᠨ ᠪᠠᠶᠢᠯᠳᠤᠭᠴᠢ ᠶᠢᠨ ᠬᠤᠪᠢ ᠪᠠᠷ ︽ᠲᠠᠶᠢᠨ ᠤ ᠪᠡᠯᠡᠳᠬᠡᠯ ᠤᠨ ᠭᠤᠤ ᠮᠠᠯᠲᠠᠬᠤ᠂ ᠬᠤᠷᠤᠭ᠎ᠠ | ᠰᠠᠷᠠᠪᠴᠢ ᠪᠠᠷᠢᠬᠤ᠂ ᠬᠤᠳᠳᠤᠭ ᠤᠰᠤ ᠯᠠᠶᠢᠳᠠᠬᠤ᠂ ᠡᠪᠡᠰᠦ ᠬᠠᠳᠤᠯᠠᠩ ᠬᠤᠷᠢᠶᠠᠬᠤ᠂ ᠤᠰᠤᠨ ᠴᠦᠭᠦᠷᠦᠮ ᠪᠠᠶᠢᠭᠤᠯᠬᠤ᠂ ᠡᠪᠡᠰᠦᠨ ᠬᠦᠷᠢᠶ᠎ᠡ ᠲᠣᠣᠷᠯᠠᠬᠤ᠂ | ᠪᠣᠷᠳᠣᠭᠠᠨ ᠰᠠᠭᠤᠷᠢᠨ ᠭᠠᠷᠭᠠᠬᠤ᠂ ᠨᠣᠭᠤᠭᠠᠨ ᠪᠣᠷᠳᠤᠭ᠎ᠠ ᠳᠠᠷᠤᠰᠢᠭᠤᠯᠬᠤ ᠁︾ ᠭᠡᠳ ᠪᠢᠰᠢᠭᠦᠢ ᠠᠷᠪᠢᠨ ᠬᠠᠮᠲᠤ ᠶᠢᠨ ᠭᠦᠳᠡᠯᠮᠦᠷᠢ ᠳᠤ ᠪᠡᠶ᠎ᠡ ᠬᠠᠶᠢᠷ᠎ᠠ | ᠦᠭᠡᠢ ᠵᠢᠳᠬᠦᠵᠦ ᠶᠠᠪᠤᠭᠰᠠᠨ ᠨᠢ ᠶᠠᠭᠤ ᠶᠠᠭᠤᠨ ᠠᠴᠠ ᠴᠦ ᠦᠨᠡᠨ ᠶᠤᠮᠳᠠᠭ᠃ | ︽ᠬᠥᠮᠥᠨ ᠤ ᠨᠢᠭᠡ ᠵᠠᠩ ᠯᠠ ᠪᠢᠵᠡ︕︾ ᠭᠡᠵᠦ ᠡᠮᠡᠭᠡ ᠶᠢᠨ ᠬᠡᠯᠡᠳᠡᠭ ᠵᠥᠪ᠃ ᠶᠠᠷᠢᠶᠠᠨ ᠳᠠᠭᠠᠨ ᠬᠠᠯᠠᠮᠰᠢᠨ ᠵᠠᠷᠢᠮ ᠳᠠᠭᠠᠨ ᠬᠠᠮᠢᠶ᠎ᠠ ᠬᠠᠷᠢᠶ᠎ᠠ ᠦᠭᠡᠢ | ᠥᠰᠬᠡᠭᠡᠨ ᠳᠥᠰᠬᠡᠭᠡᠨ ᠲᠠᠢ ᠲᠡᠭᠡᠭᠦᠯᠳᠡᠭ ᠴᠦ ᠬᠡᠨ ᠨᠢᠭᠡᠨ ᠳᠤ ᠬᠤᠣᠷ ᠬᠦᠷᠭᠡᠭᠰᠡᠨ ᠦᠭᠡᠢ᠃ ᠬᠠᠷᠢᠨ ᠥᠷᠥᠭᠡᠯ ᠪᠤᠰᠤᠳ ᠢ ᠢᠨᠢᠶᠡᠯᠭᠡᠵᠦ ᠪᠠᠶᠠᠰᠬᠠᠵᠤ | ᠶᠠᠪᠤᠭᠰᠠᠨ ᠤ ᠪᠠᠨ ᠠᠴᠢ ᠪᠠᠷ ᠦᠷ᠎ᠡ ᠬᠡᠦᠬᠡᠳ ᠤᠨ ᠢᠶᠠᠨ ᠰᠠᠶᠢᠨ ᠢ ᠦᠵᠡᠵᠦ᠂ ᠠᠵᠠ ᠵᠢᠷᠭᠠᠯ ᠲᠠᠢ ᠦᠳᠡᠯᠦᠭᠡ ᠨᠠᠰᠤ ᠪᠠᠨ ᠡᠯᠡᠭᠡᠵᠦ ᠶᠠᠪᠤᠭ᠎ᠠ ᠪᠤᠶᠠᠨᠲᠠᠨ ᠤ ᠨᠢᠭᠡ᠂ | ᠠᠶᠢᠯ ᠤᠨ ᠠᠬ᠎ᠠ ᠮᠢᠨᠢ᠃ | ᠡᠷᠦᠭᠡ ᠶᠢᠨ ᠴᠡᠷᠢᠭ ᠤᠨ ᠬᠢᠨᠢ ᠴᠤᠭᠯᠠᠭᠠᠨ ᠥᠯᠵᠡᠢ ᠬᠡᠶᠢᠮᠣᠷᠢ ᠲᠠᠢ ᠪᠤᠯᠬᠤ ᠪᠣᠯᠲᠤᠭᠠᠢ︕ |