ᠴᠠᠰᠤ ᠣᠷᠣᠬᠤ ᠪᠠᠷ ᠰᠠᠨᠠᠭ᠎ᠠ ᠣᠨᠳᠣᠷᠣᠨ᠎ᠠ | ᠴᠡᠩᠬᠡᠷ ᠲᠡᠭᠷᠢ ᠪᠠᠨ ᠨᠠᠮᠠᠶᠢᠳᠠᠯᠠ ᠰᠢᠷᠳᠡᠨ᠎ᠡ | ᠴᠠᠭᠠᠨ᠎ᠠ ᠠᠴᠠ ᠬᠠᠪᠤᠷ ᠢᠷᠡᠵᠦ ᠪᠤᠢ ᠶᠢᠨ ᠰᠤᠪᠢᠩ | | | ᠰᠢᠭᠤᠷᠭ᠎ᠠ ᠪᠤᠵᠢᠭᠢᠨᠠᠬᠤ ᠪᠠᠷ ᠪᠤᠳᠣᠯ ᠬᠥᠭᠯᠡᠷᠡᠨ᠎ᠡ | ᠰᠢᠵᠢᠷᠭᠡᠨ ᠳᠡᠯᠡᠬᠡᠢ ᠪᠠᠨ ᠤᠶᠠᠷᠠᠲᠠᠯ᠎ᠠ ᠰᠦᠯᠡᠨ᠎ᠡ | ᠰᠠᠯᠬᠢᠨ ᠤ ᠡᠷᠴᠢ ᠪᠤᠴᠠᠵᠤ ᠪᠤᠢ ᠶᠢᠨ ᠰᠤᠪᠢᠩ | | | ᠡᠭᠦᠯᠡ ᠨᠡᠭᠦᠬᠦ ᠪᠠᠷ ᠰᠡᠳᠬᠢᠯ ᠬᠥᠭᠰᠡᠨ᠎ᠡ | ᠥᠷᠥ ᠵᠢᠷᠦᠬᠡᠨ ᠳᠤ ᠲᠡᠦᠬᠡ ᠠᠨᠢᠷᠲᠤᠨᠠ | ᠦᠯᠢᠭᠡᠷ ᠤᠨ ᠮᠣᠷᠢᠳ ᠦᠦᠷᠰᠡᠵᠦ ᠪᠤᠢ ᠶᠢᠨ ᠰᠤᠪᠢᠩ | | | ᠴᠠᠰᠤ ᠰᠡᠮᠡᠷᠡᠬᠦ ᠪᠠᠷ ᠬᠠᠶᠢᠷ᠎ᠠ ᠮᠡᠯᠳᠡᠷᠡᠨᠡ | ᠴᠡᠭᠡᠵᠢᠨ ᠤ ᠪᠤᠬᠢᠨᠢᠳᠤᠯ ᠠᠷᠢᠭᠤᠰᠣᠨ ᠠᠭᠤᠵᠢᠷᠠᠨ᠎ᠠ | ᠴᠠᠮᠴᠠᠨ ᠤ ᠡᠩᠭᠡᠷ ᠠᠴᠠ ᠰᠦ ᠦᠨᠦᠷᠲᠦᠵᠦ ᠪᠤᠢ ᠶᠢᠨ ᠰᠤᠪᠢᠩ | | | ᠦᠦᠷ ᠴᠠᠶᠢᠬᠤ ᠪᠠᠷ ᠬᠠᠷᠠᠭ᠎ᠠ ᠵᠥᠭᠡᠯᠡᠷᠡᠨᠡ | ᠠᠭᠤᠯᠠᠰ ᠤᠨ ᠪᠠᠷ᠎ᠠ ᠵᠡᠷᠭᠡᠯᠭᠡ ᠬᠠᠶᠠᠯᠠᠨ᠎ᠠ | ᠤᠷᠭᠤᠮᠠᠯ ᠪᠣᠳᠠᠰ ᠠᠮᠢᠯᠠᠵᠤ ᠪᠤᠢ ᠶᠢᠨ ᠰᠤᠪᠢᠩ | | | ᠨᠠᠷᠠᠨ ᠮᠠᠨᠳᠤᠬᠤ ᠪᠠᠷ ᠠᠮᠢᠳᠤᠷᠠᠯ ᠳᠠᠭᠤᠯᠠᠨ᠎ᠠ | ᠨᠡᠭᠦᠳᠡᠯ ᠤᠨ ᠬᠠᠷᠭᠤᠢ ᠬᠥᠬᠡᠷᠡᠨ ᠳᠤᠷᠠᠶᠢᠨ᠎ᠠ | ᠨᠠᠭᠠᠰᠢᠯᠠᠵᠤ ᠪᠠᠶᠢᠭ᠎ᠠ ᠪᠦᠭᠦᠨ ᠴᠡᠴᠡᠭᠯᠡᠵᠦ ᠪᠤᠢ ᠶᠢᠨ ᠰᠤᠪᠢᠩ | | | ᠴᠠᠢ ᠪᠠᠨ ᠤᠤᠭᠤᠬᠤ ᠪᠠᠷ ᠳᠤᠷᠠᠰᠤᠯ ᠭᠦᠪᠦᠷᠡᠨᠡ | ᠴᠡᠴᠡᠭ ᠤᠨ ᠰᠢᠭᠦᠳᠡᠷᠢ ᠲᠠᠩᠨᠠᠢ ᠳᠤ ᠠᠮᠲᠠᠭᠳᠠᠨ᠎ᠠ | ᠴᠠᠶᠢᠯᠭᠠᠨ ᠡᠵᠢ ᠪᠠᠨ ᠰᠠᠨᠠᠵᠤ ᠪᠤᠢ ᠶᠢᠨ ᠰᠤᠪᠢᠩ | | | ᠠᠳᠤᠭᠤᠨ ᠤ ᠴᠢᠮᠡᠭᠡ ᠪᠠᠷ ᠨᠤᠲᠤᠭ ᠨᠠᠯᠠᠭᠠᠷᠳᠠᠨᠠ | ᠠᠩᠭᠢᠷᠬᠠᠨ ᠨᠠᠰᠣᠨ ᠤ ᠠᠭᠠᠯᠢ ᠲᠣᠳᠣᠷᠠᠨ᠎ᠠ | ᠠᠴᠢᠲᠤ ᠠᠪᠤ ᠪᠠᠨ ᠦᠭᠡᠶᠢᠯᠡᠵᠦ ᠪᠤᠢ ᠶᠢᠨ ᠰᠤᠪᠢᠩ | | | ᠬᠠᠪᠤᠷ ᠢᠷᠡᠬᠦ ᠪᠠᠷ ᠮᠥᠷᠥᠭᠡᠳᠦᠯ ᠵᠦᠰᠡᠷᠡᠨ᠎ᠡ | ᠬᠠᠪᠤᠷᠵᠢᠶᠠᠨ ᠤ ᠳᠤᠤᠯᠢᠶᠠᠨ ᠳᠤ ᠵᠢᠷᠭᠠᠯ ᠪᠢᠯᠬᠠᠷᠠᠨ᠎ᠠ | ᠬᠠᠷᠠᠭᠠᠨ ᠵᠦᠭ ᠤᠨ ᠲᠡᠭᠷᠢ ᠨᠠᠮᠬᠠᠷᠠᠵᠤ ᠪᠤᠢ ᠶᠢᠨ ᠰᠤᠪᠢᠩ | |