ᠬᠥᠳᠡᠯᠮᠦᠷᠢᠴᠢᠨ
ᠨᠡᠶᠢᠲᠡᠯᠡᠭᠰᠡᠨ ᠴᠠᠭ᠄
2025/5/27
ᠭᠤᠷᠪᠠᠨ ᠵᠠᠭᠤ ᠵᠢᠷᠠᠨ ᠲᠠᠪᠤᠨ ᠡᠳᠦᠷ ᠢ ᠮᠥᠷᠥᠯᠡᠵᠦᠭᠤᠸ᠎ᠠ ᠰᠢᠷᠭᠠᠯ ᠨᠠᠷᠠᠨ ᠤ ᠠᠯᠳᠠᠨ ᠰᠠᠴᠤᠷᠠᠭ ᠲᠠᠮᠤᠵᠤ ᠬᠡᠭᠡᠷ᠎ᠡ ᠬᠤᠨᠣᠭᠰᠠᠨ ᠵᠢᠬᠡᠭᠦᠨ ᠰᠠᠯᠬᠢᠨ ᠤ ᠴᠢᠬᠢᠨ ᠳᠤ ᠭᠦᠳᠡᠯᠮᠦᠷᠢ ᠶᠢᠨ ᠪᠠᠶᠠᠷ ᠵᠢᠷᠭᠠᠯ ᠳᠠᠭᠤᠯᠠᠭᠰᠠᠨ ᠲᠠᠭᠦᠯᠦᠭ ᠤᠨ ᠵᠢᠯᠣᠭᠤ ᠳᠤᠭᠲᠤᠷᠴᠤ ᠠᠳᠤᠭᠤᠨ ᠤ ᠲᠠᠯ᠎ᠠ ᠳᠤ ᠮᠣᠷᠳᠠᠬᠤ ᠳᠠᠭᠠᠨ ᠬᠥᠳᠡᠯᠮᠦᠷᠢᠴᠢᠨ ᠤ ᠳᠠᠷᠬᠠᠨ ᠬᠡᠶᠢᠮᠣᠷᠢ ᠶᠢ ᠦᠶ᠎ᠡ ᠵᠠᠯᠭᠠᠨ ᠮᠠᠨᠳᠤᠭᠤᠯᠵᠤ ᠬᠦᠷᠳᠦᠲᠦ ᠲᠡᠷᠭᠡ ᠪᠠᠨ ᠨᠢᠰᠬᠡᠵᠦ ᠡᠪᠦᠯᠵᠢᠶ᠎ᠡ ᠪᠠᠨ ᠨᠢᠭᠡ ᠡᠷᠭᠢᠬᠦ ᠳᠡᠭᠡᠨ ᠭᠦᠳᠡᠯᠮᠦᠷᠢ ᠦᠢᠯᠡᠰ ᠤᠨ ᠬᠤᠷᠳᠤ ᠶᠢ ᠡᠷᠢᠨ ᠤ ᠮᠡᠯᠮᠡᠢ ᠳᠤ ᠭᠠᠶᠢᠬᠠᠭᠤᠯᠵᠤᠢᠰᠡᠭᠡᠢ ᠤᠭᠤᠲᠠ ᠲᠠᠢ ᠬᠤᠷᠠᠭ᠎ᠠ ᠪᠠᠨ ᠬᠠᠪᠤᠷ ᠲᠠᠢ ᠡᠭᠦᠷᠴᠦ ᠢᠷᠡᠬᠦ ᠳᠤ ᠬᠥᠳᠡᠯᠮᠦᠷᠢᠴᠢᠨ ᠲᠠᠨ ᠤ ᠪᠠᠶᠠᠰᠤᠯ ᠪᠣᠯ ᠲᠥᠯ ᠤᠨ ᠳᠠᠭᠤ ᠶᠤᠮ ᠰᠢᠦ ᠢᠩᠭᠡᠨ ᠲᠡᠮᠡᠭᠡ ᠤᠶᠠᠷᠠᠭᠠᠵᠤ ᠭᠤᠯᠣᠭᠳᠠᠭᠰᠠᠨ ᠪᠣᠲᠣᠭᠤ ᠠᠪᠤᠭᠤᠯᠬᠤ ᠳᠤ ᠬᠥᠳᠡᠯᠮᠦᠷᠢᠴᠢᠨ ᠲᠠᠨ ᠤ ᠵᠢᠷᠭᠠᠯ ᠪᠣᠯ ᠬᠠᠶᠢᠷ᠎ᠠ ᠶᠢᠨ ᠠᠶᠠᠯᠭᠤ ᠶᠤᠮ ᠰᠢᠦᠡᠩ ᠴᠢᠴᠤᠷᠠᠨ ᠳᠠᠪᠠᠯᠭᠠᠯᠠᠬᠤ ᠡᠪᠡᠰᠦᠨ ᠤ ᠪᠠᠶᠠᠨ ᠳᠠᠯᠠᠢ ᠪᠣᠯ ᠡᠬᠡ ᠭᠠᠵᠠᠷ ᠠᠴᠠ ᠲᠠᠨ ᠳᠤ ᠪᠠᠷᠢᠭᠰᠠᠨ ᠨᠠᠨᠳᠢᠨ ᠪᠡᠯᠡᠭ ᠶᠤᠮ ᠰᠢᠦ ᠡᠭᠦᠯᠡᠨ ᠤ ᠭᠡᠵᠢᠭᠡ ᠪᠣᠯᠵᠤ ᠨᠠᠮᠢᠷᠠᠭᠰᠠᠨ ᠵᠥᠭᠡᠯᠡᠨ ᠴᠡᠩᠬᠡᠷ ᠪᠣᠷᠤᠭ᠎ᠠ ᠪᠣᠯ ᠡᠴᠢᠭᠡ ᠲᠡᠭᠷᠢ ᠠᠴᠠ ᠲᠠᠨ ᠳᠤ ᠬᠠᠶᠢᠷᠠᠯᠠᠭᠰᠠᠨ ᠬᠡᠰᠢᠭ ᠪᠤᠶᠠᠨ ᠶᠤᠮ ᠰᠢᠦᠰᠢᠷᠬᠡᠭ ᠰᠢᠷᠬᠡᠭ ᠡᠪᠡᠰᠦ ᠬᠥᠳᠡᠯᠮᠦᠷᠢᠴᠢᠳ ᠤᠨ ᠳᠠᠭᠤᠤ ᠪᠠᠷ ᠭᠠᠩᠬᠤᠨ᠎ᠠ ᠴᠢᠭᠢᠭ᠂ ᠢᠯᠴᠢ᠂ ᠭᠡᠷᠡᠯ ᠢ ᠭᠠᠷ ᠠᠴᠠ ᠴᠢᠨᠢ ᠭᠦᠷᠲᠡᠭᠡᠳ ᠲᠡᠷᠡ ᠰᠢᠦ ᠰᠢᠪᠡᠭᠡᠨ ᠳᠣᠲᠣᠷᠠᠬᠢ ᠥᠨᠥᠴᠢᠨ ᠬᠤᠷᠠᠭ᠎ᠠ ᠬᠥᠳᠡᠯᠮᠦᠷᠢᠴᠢᠳ ᠤᠨ ᠭᠠᠷ ᠢᠶᠠᠷ ᠬᠥᠷᠥᠪᠡᠵᠢᠨ᠎ᠡ ᠴᠢᠩ ᠵᠢᠷᠦᠬᠡᠨ ᠠᠴᠠ ᠴᠢᠨᠢ ᠤᠨᠳᠤᠷᠣᠬᠰᠠᠨ ᠬᠠᠶᠢᠷ᠎ᠠ ᠶᠢ ᠭᠦᠷᠲᠡᠭᠡᠳ ᠲᠠᠷᠠ ᠰᠢᠦᠬᠠᠪᠤᠷ ᠤᠨ ᠰᠠᠯᠬᠢᠨ ᠳᠤ ᠬᠥᠳᠡᠯᠮᠦᠷᠢᠴᠢᠳ ᠬᠠᠪᠢᠷᠭ᠎ᠠ ᠪᠠᠨ ᠨᠡᠪᠳᠡᠯᠡᠭᠦᠯᠵᠤ ᠶᠠᠪᠤᠬᠤ ᠳᠠᠭᠠᠨ ᠬᠠᠶᠠ ᠴᠤᠬᠤᠶᠢᠬᠤ ᠨᠢᠯᠬ᠎ᠠ ᠨᠣᠭᠤᠭ᠎ᠠ ᠠᠴᠠ ᠲᠠᠶᠢᠳᠬᠤᠷᠠᠯ ᠤᠨ ᠵᠢᠷᠭᠠᠯ ᠣᠯᠳᠠᠭ ᠭᠡᠨ᠎ᠡ ᠬᠠᠯᠠᠭᠤᠨ ᠵᠤᠨ ᠢᠶᠠᠷ ᠬᠥᠳᠡᠯᠮᠦᠷᠢᠴᠢᠳ ᠨᠠᠷᠠᠨ ᠤ ᠳᠣᠣᠷ᠎ᠠ ᠵᠢᠳᠬᠦᠬᠦ ᠳᠡᠭᠡᠨ ᠬᠠᠶᠠ ᠰᠡᠪᠢᠯᠵᠡᠬᠦ ᠰᠡᠷᠢᠭᠦᠨ ᠵᠢᠪᠠᠷ ᠠᠴᠠ ᠦᠯᠡᠮᠵᠢ ᠶᠢᠨ ᠲᠠᠭ᠎ᠠ ᠶᠢ ᠡᠳ᠋ᠯᠡᠳᠡᠭ ᠭᠡᠨ᠎ᠡᠨᠠᠮᠤᠷ ᠤᠨ ᠬᠡᠭᠡᠷ᠎ᠡ ᠬᠥᠳᠡᠯᠮᠦᠷᠢᠴᠢᠳ ᠡᠪᠡᠰᠦᠨ ᠤ ᠶᠠᠷᠢᠶ᠎ᠠ ᠶᠢ ᠴᠢᠩᠨᠠᠬᠤ ᠳᠤ ᠨᠡᠯᠦ᠋ᠢᠵᠦ ᠪᠠᠶᠢᠭ᠎ᠠ ᠬᠠᠳᠤᠯᠠᠩ ᠠᠴᠠ ᠪᠠᠨ ᠥᠩ ᠡᠪᠦᠯ ᠢᠶᠠᠨ ᠮᠡᠳᠡᠷᠡᠳᠡᠭ ᠭᠡᠨ᠎ᠡ ᠡᠪᠦᠯ ᠤᠨ ᠬᠦᠢᠲᠡᠨ ᠳᠤ ᠤᠲᠤᠮᠠᠯ ᠳᠠᠪᠠᠯ ᠲᠠᠢ ᠰᠠᠯᠬᠢ ᠰᠥᠷᠦᠨ ᠳᠠᠪᠬᠢᠭᠤᠯᠬᠤ ᠳᠠᠭᠠᠨ ᠥᠯᠴᠢᠷ ᠪᠠᠶᠢᠭᠠᠯᠢ ᠶᠢᠨ ᠮᠥᠩᠭᠦᠨ ᠡᠪᠦᠷ ᠲᠤ ᠦᠷ᠎ᠡ ᠶᠢᠨ ᠶᠣᠰᠣᠭᠠᠷ ᠪᠥᠮᠪᠥᠷᠢᠳᠡᠭ ᠭᠡᠨ᠎ᠡᠠᠮᠤ ᠳᠠᠷᠢᠶ᠎ᠠ ᠠᠴᠠ ᠠᠰᠬᠠᠷᠠᠵᠤ ᠢᠷᠡᠬᠦ ᠮᠥᠬᠦᠯᠢᠭ ᠮᠥᠬᠦᠯᠢᠭ ᠠᠯᠳᠠ ᠬᠥᠳᠡᠯᠮᠦᠷᠢᠴᠢᠨ ᠲᠦᠮᠡᠨ ᠤ ᠳᠤᠰᠤᠯ ᠳᠤᠰᠤᠯ ᠬᠥᠯᠥᠰᠦ ᠶᠤᠮ ᠰᠢᠦ ᠠᠶᠢᠯ ᠤᠨ ᠠᠷᠤ ᠳᠤ ᠨᠡᠯᠦ᠋ᠢᠭᠰᠡᠨ ᠪᠠᠶᠠᠨ ᠴᠠᠭᠠᠨ ᠰᠦᠷᠦᠭ ᠬᠥᠳᠡᠯᠮᠦᠷᠢᠴᠢᠨ ᠤᠯᠠᠨ ᠤ ᠥᠷᠯᠥᠭᠡ ᠦᠳᠡᠰᠢ ᠶᠢᠨ ᠵᠢᠳᠬᠦᠯ ᠶᠤᠮ ᠰᠢᠦᠬᠤᠷᠸ᠎ᠠ ᠲᠠᠨ ᠤ ᠠᠯᠠᠭᠠᠨ ᠳᠡᠭᠡᠷ᠎ᠡ ᠲᠠᠶᠢᠪᠤᠩ ᠡᠷᠭᠢᠨ᠎ᠡ ᠭᠡᠵᠦ ᠪᠤᠳᠤᠬᠤ ᠳᠤ ᠬᠡᠨ ᠠᠴᠠ ᠴᠤ ᠠᠭᠤᠤ ᠲᠠᠨ ᠰᠢᠭ᠋ ᠬᠥᠮᠥᠨ ᠢ ᠪᠢ ᠡᠷᠢᠵᠦ ᠣᠯᠬᠤ ᠦᠭᠡᠢ ᠶᠤᠮ ᠠ᠋ ᠬᠡᠳᠦᠬᠡᠨ ᠪᠠᠳᠠᠭ ᠰᠢᠯᠦᠭ ᠢᠶᠠᠷ ᠠᠯᠳᠠᠷ ᠢ ᠴᠢᠨᠢ ᠮᠢᠯᠢᠶᠠᠭᠰᠠᠨ ᠢᠶᠠᠨ ᠪᠤᠳᠤᠬᠤ ᠳᠤ ᠬᠡᠲᠦᠷᠬᠡᠢ ᠠᠤᠭ᠎ᠠ ᠵᠢᠳᠬᠦᠯ ᠤᠨ ᠴᠢᠨᠢ ᠳᠡᠷᠭᠡᠳᠡ ᠳᠡᠩᠳᠡᠭᠦᠦ ᠥᠴᠥᠬᠡᠨ ᠭᠡᠵᠦ ᠵᠣᠪᠠᠭ᠋ᠤ ᠶᠤᠮ ᠠ᠋ ᠁ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ