ᠡᠬᠡ ᠣᠷᠣᠨ ᠤ ᠨᠠᠷᠠ
ᠨᠡᠶᠢᠲᠡᠯᠡᠭᠰᠡᠨ ᠴᠠᠭ᠄
2025/5/27
ᠡᠯᠢᠭᠡ ᠪᠦᠲᠦᠨ ᠬᠠᠶᠢᠷ᠎ᠠ ᠶᠢᠨ ᠰᠠᠬᠢᠭᠤᠰᠤ ᠡᠭᠡᠯ ᠲᠦᠮᠡᠨ ᠤ ᠡᠷᠬᠡ ᠴᠢᠯᠦᠭᠡᠨ ᠤ ᠲᠦᠰᠢᠭ ᠡᠨᠡᠷᠢᠯ ᠢᠪᠡᠭᠡᠯ ᠨᠢ ᠢᠯᠴᠢᠲᠦ ᠨᠠᠷᠠᠨ ᠮᠡᠲᠦ ᠡᠪ ᠬᠠᠮᠲᠤ ᠨᠠᠮ ᠮᠢᠨᠢ ᠡᠰᠡᠨᠢᠯ ᠮᠠᠨᠳᠤᠯ ᠤᠨ ᠠᠯᠤᠰ ᠤᠨ ᠬᠠᠷᠠᠯᠲᠠ ᠪᠠᠷ ᠡᠯ᠎ᠡ ᠦᠨᠳᠦᠰᠦᠲᠡᠨ ᠢ ᠪᠦᠯᠬᠦᠮᠳᠡᠭᠦᠯᠦᠭᠰᠡᠨ ᠲᠦᠪᠰᠢᠷᠡᠯ ᠨᠢᠭᠲᠠᠷᠠᠯ ᠤᠨ ᠬᠠᠮᠲᠤ ᠶᠢᠨ ᠴᠣᠭᠴᠠ ᠪᠠᠷ ︽ᠲᠤᠮᠳᠠᠳᠤ ᠶᠢᠨ ᠵᠡᠭᠦᠳᠦ︾ ᠶᠢ ᠲᠡᠷᠭᠡᠯᠰᠢᠭᠦᠯᠬᠦ ᠪᠠᠷ ᠴᠢᠷᠮᠠᠶᠢᠭᠰᠠᠨᠠᠵᠠ ᠵᠢᠷᠭᠠᠯ ᠤᠨ ᠠᠯᠳᠠᠨ ᠵᠦᠭᠯᠡᠭᠦᠷ ᠠᠭᠤᠤ ᠲᠠᠶᠢᠴᠢᠨ ᠨᠠᠮ ᠮᠢᠨᠢᠣᠨ ᠵᠢᠯ ᠤᠨ ᠰᠠᠯᠬᠢ ᠰᠢᠭᠤᠷᠭ᠎ᠠ ᠶᠢ ᠰᠥᠷᠴᠦ ᠥᠨᠳᠥᠷ ᠤᠨ ᠥᠨᠳᠥᠷ ᠲᠤ ᠨᠠᠮ ᠤᠨ ᠰᠦᠯᠳᠡ ᠭᠢᠯᠠᠯᠵᠠᠨ᠎ᠠ ᠴᠢᠨᠡᠭᠡᠯᠢᠭ ᠨᠡᠶᠢᠭᠡᠮ ᠢ ᠪᠠᠶᠢᠭᠤᠯᠤᠭᠰᠠᠨ ᠠᠤᠭ᠎ᠠ ᠠᠮᠵᠢᠯᠲᠠ ᠴᠠᠭ ᠤᠨ ᠵᠡᠭᠦᠦ ᠲᠠᠢ ᠤᠷᠤᠯᠳᠤᠬᠰᠠᠨ ᠨᠥᠷᠢ ᠭᠦᠳᠡᠯᠮᠦᠷᠢ ᠠᠪᠯᠢᠭᠠᠯ ᠳᠣᠷᠣᠮᠵᠢᠯᠠᠯ ᠢ ᠲᠦᠢᠯᠪᠤᠷᠢᠲᠠᠢ ᠴᠡᠭᠴᠡᠯᠡᠵᠦ ᠠᠮᠢᠳᠤᠷᠠᠯ ᠦᠢᠯᠡᠰ ᠤᠨ ᠭᠡᠭᠡᠨ ᠲᠤᠶᠠᠭ᠎ᠠ ᠰᠠᠴᠤᠷᠠᠭᠰᠠᠨ ᠠᠯᠤᠬ᠎ᠠ ᠬᠠᠳᠤᠭᠤᠷᠳᠤ ᠨᠠᠮ ᠤᠨ ᠲᠤᠭ ᠤᠨ ᠨᠠᠮᠢᠷᠠᠭ᠎ᠠ ᠠᠯᠳᠠᠨ ᠲᠦᠷᠦ ᠶᠢᠨ ᠲᠦᠪᠰᠢᠨ ᠵᠢᠷᠭᠠᠯᠠᠩ ᠵᠠᠭᠤᠨ ᠵᠢᠯ ᠤᠨ ᠵᠤᠵᠠᠭᠠᠨ ᠨᠣᠮ ᠵᠢᠪᠬᠤᠭ᠎ᠠ ᠲᠡᠭᠦᠯᠳᠡᠷ ᠨᠠᠮ ᠮᠢᠨᠢ᠃ᠠᠭᠤᠤ ᠨᠠᠮ ᠤᠨ ᠤᠷᠢᠶ᠎ᠠ ᠲᠠᠶᠢᠴᠢᠯᠠᠯ ᠠᠤᠭ᠎ᠠ ᠡᠷᠢᠨ ᠤ ᠰᠢᠨ᠎ᠡ ᠠᠶᠠᠯᠠᠯ ᠠᠷᠤᠤᠬᠠᠨ ᠪᠠᠭᠠᠲᠤᠷᠴᠤᠳ ᠤᠨ ᠬᠥᠯᠥᠰᠦᠨ ᠲᠤᠰᠤᠯ ᠢᠶᠠᠷ ᠠᠷᠠᠳ ᠲᠦᠮᠡᠨ ᠳᠤ ᠵᠢᠷᠭᠠᠯ ᠡᠳ᠋ᠯᠡᠭᠦᠯᠦᠭᠰᠡᠨ ᠰᠢᠨ᠎ᠡ ᠵᠠᠭᠤᠨ ᠤ ᠰᠢᠵᠢᠷ ᠬᠠᠭᠤᠳᠠᠰᠤᠨ ᠳᠤ ᠰᠢᠭᠤᠷᠬᠠᠶᠢᠯᠠᠨ ᠲᠡᠮᠡᠴᠡᠭᠰᠡᠨ ᠨᠡᠶᠢᠲᠡᠯᠢᠭ ᠵᠢᠱᠢᠶ᠎ᠡ ᠮᠥᠩᠬᠡ ᠳᠠᠭᠤᠷᠢᠰᠬᠤ ᠵᠢᠷᠦᠬᠡᠨ ᠤ ᠢᠭᠲᠦᠯᠦᠯ ᠮᠥᠷᠥᠭᠡᠳᠦᠨ ᠳᠠᠭᠤᠯᠠᠬᠤ ᠢᠷᠠᠭᠤ ᠡᠭᠡᠰᠢᠭᠯᠡᠩ ᠮᠣᠬᠤᠰᠢ ᠦᠭᠡᠢ ᠵᠣᠷᠢᠭ ᠰᠠᠨᠠᠭᠠᠨ ᠤ ᠳᠠᠭᠤᠯᠠᠯ ᠮᠥᠩᠬᠡ ᠶᠢᠨ ᠨᠠᠷᠠᠨ ᠨᠠᠮ ᠮᠢᠨᠢ᠃ 
ᠢᠷᠡᠯᠲᠡ᠄ ᠬᠦᠯᠦᠨ ᠪᠦᠢᠷ ᠬᠤᠲᠠ ᠶᠢᠨ ᠠᠷᠠᠳ ᠤᠨ ᠵᠠᠰᠠᠭ ᠤᠨ ᠣᠷᠳᠤᠨ