ᠨᠠᠷᠠ ᠡᠷᠭᠢᠵᠦ ᠨᠠᠳᠠ ᠳᠡᠭᠡᠷ᠎ᠡ ᠢᠷᠡᠬᠦ ᠶᠢ ᠬᠠᠶᠢᠷ᠎ᠠ ᠭᠡᠨᠡᠮ | ᠨᠠᠪᠴᠢ ᠳᠡᠯᠭᠡᠷᠡᠵᠦ ᠰᠢᠪᠠᠭᠤᠳ ᠵᠢᠷᠭᠢᠬᠦ ᠶᠢ ᠬᠥᠭᠵᠢᠮ ᠭᠡᠨᠡᠮ | ᠨᠠᠮ ᠵᠢᠮ ᠤᠨ ᠳᠤᠮᠳᠠ ᠴᠢᠯᠠᠭᠤᠳ ᠠᠨᠢᠷᠯᠠᠬᠤ ᠶᠢ ᠰᠤᠪᠢᠩ ᠭᠡᠨᠡᠮ | ᠨᠠᠮᠬᠠᠨ ᠲᠣᠯᠣᠭᠠᠳ ᠥᠭᠡᠳᠡ ᠪᠠᠨ ᠥᠨᠳᠡᠯᠵᠡᠬᠦ ᠶᠢ ᠢᠲᠡᠭᠡᠯ ᠭᠡᠨᠡᠮ | | | ᠬᠥᠭᠡᠷᠦᠬᠦᠨ ᠢᠰᠢᠭᠡ ᠡᠷᠬᠡᠯᠡᠨ ᠲᠣᠭᠯᠠᠬᠤ ᠶᠢ ᠵᠢᠷᠭᠠᠯ ᠭᠡᠨᠡᠮ | ᠬᠥᠬᠡᠮᠳᠦᠭ ᠠᠭᠤᠯᠠᠰ ᠳᠣᠲᠣᠭᠰᠢ ᠪᠠᠨ ᠳᠤᠭᠤᠶᠢᠷᠠᠬᠤ ᠶᠢ ᠭᠡᠭᠡᠷᠡᠯ ᠭᠡᠨᠡᠮ | ᠭᠦᠯᠦᠭ ᠮᠣᠷᠢ ᠬᠠᠩᠭᠢᠨᠠᠨ ᠦᠦᠷᠰᠡᠬᠦ ᠶᠢ ᠬᠦᠰᠡᠯ ᠭᠡᠨᠡᠮ | ᠬᠥᠲᠥᠯ ᠥᠭᠰᠥᠵᠦ ᠵᠡᠷᠭᠡᠯᠭᠡᠨ ᠳᠠᠪᠬᠢᠬᠤ ᠶᠢ ᠪᠤᠳᠤᠯ ᠭᠡᠨᠡᠮ | | | ᠬᠠᠴᠠᠷ ᠢ ᠦᠨᠦᠰᠦᠭᠡᠳ ᠰᠠᠯᠬᠢ ᠥᠩᠭᠡᠷᠡᠵᠦ ᠤᠳᠬᠤ ᠶᠢ ᠰᠢᠯᠭᠠᠯᠲᠠ ᠭᠡᠨᠡᠮ | ᠬᠠᠶᠢᠯ ᠤᠨ ᠤᠰᠤᠨ ᠭᠤᠣᠯ ᠮᠥᠷᠡᠨ ᠳᠤ ᠴᠢᠳᠬᠤᠯᠠᠬᠤ ᠶᠢ ᠠᠮᠢᠯᠠᠯ ᠭᠡᠨᠡᠮ | ᠬᠠᠷ᠎ᠠ ᠨᠠᠭᠤᠷ ᠤᠨ ᠤᠰᠤᠨ ᠳᠤ ᠬᠤᠨ ᠨᠤᠷᠭᠢᠯᠳᠤᠬᠤ ᠶᠢ ᠡᠷᠬᠡ ᠴᠢᠯᠦᠭᠡ ᠭᠡᠨᠡᠮ | ᠬᠠᠭᠳᠠ ᠶᠢᠨ ᠰᠦᠶ᠎ᠡ ᠭᠡᠷᠡᠯ ᠬᠠᠷᠠᠵᠤ ᠮᠦᠰᠢᠶᠡᠬᠦ ᠶᠢ ᠬᠡᠶᠢᠮᠣᠷᠢ ᠭᠡᠨᠡᠮ | | | ᠠᠮᠤᠷᠵᠢᠲᠠᠯᠠ ᠪᠣᠷᠣᠭᠠᠯᠠᠭᠠᠳ ᠡᠭᠦᠯᠡ ᠨᠡᠭᠦᠬᠦ ᠶᠢ ᠠᠮᠠᠷᠠᠭ ᠤᠨ ᠰᠢᠪᠡᠨᠡᠭᠡ ᠭᠡᠨᠡᠮ | ᠠᠳᠤᠭᠤᠨ ᠤ ᠲᠤᠭᠤᠷᠠᠢ ᠠᠴᠠ ᠭᠠᠯ ᠴᠠᠬᠢᠯᠠᠬᠤ ᠶᠢ ᠡᠷ᠎ᠡ ᠶᠢᠨ ᠣᠮᠤᠭ ᠭᠡᠨᠡᠮ | ᠠᠰᠬ᠎ᠠ ᠬᠠᠳᠠᠨ ᠠᠴᠠ ᠴᠤᠤᠷᠢᠶ᠎ᠠ ᠬᠦᠩᠭᠢᠨᠡᠬᠦ ᠶᠢ ᠰᠡᠷᠡᠮᠵᠢ ᠶᠢᠨ ᠳᠣᠬᠢᠶ᠎ᠠ ᠭᠡᠨᠡᠮ | ᠠᠷᠤ ᠶᠢᠨ ᠰᠢᠯᠢ ᠳᠤ ᠵᠡᠭᠡᠷ᠎ᠡ ᠲᠠᠬᠰᠢᠬᠤ ᠶᠢ ᠵᠢᠯ ᠤᠨ ᠥᠩᠭᠡ ᠭᠡᠨᠡᠮ | | | ᠰᠣᠯᠣᠩᠭ᠎ᠠ ᠶᠢᠨ ᠲᠠᠷᠠᠭ᠎ᠠ ᠲᠡᠭᠷᠢ ᠴᠡᠯᠮᠡᠭᠰᠢᠬᠦ ᠶᠢ ᠰᠡᠬᠡᠭᠡᠷᠡᠯ ᠭᠡᠨᠡᠮ | ᠰᠢᠭᠤᠢ ᠶᠢᠨ ᠭᠦᠨ ᠳᠤ ᠭᠥᠷᠥᠭᠡᠰᠦ ᠴᠠᠬᠢᠯᠠᠬᠤ ᠶᠢ ᠮᠥᠷᠥᠭᠡᠳᠦᠯ ᠭᠡᠨᠡᠮ | ᠰᠥᠨᠢ ᠶᠢᠨ ᠵᠡᠭᠦᠳᠦ ᠦᠨᠡᠨ ᠳᠤ ᠬᠤᠪᠢᠯᠬᠤ ᠶᠢ ᠤᠪᠠᠳᠢᠰ ᠭᠡᠨᠡᠮ | ᠰᠣᠷᠮᠤᠤᠰᠤ ᠪᠠᠷ ᠢᠶᠠᠨ ᠭᠡᠳᠡᠭᠡᠯᠡᠭᠰᠡᠨ ᠪᠦᠰᠡᠭᠦᠢ ᠶᠢᠨ ᠦᠭᠡ ᠶᠢ ᠳᠤᠷᠠᠯᠠᠯ ᠭᠡᠨᠡᠮ | | | ᠲᠣᠭᠤᠨᠣᠨ ᠳᠤ ᠢᠷᠡᠵᠦ ᠣᠳᠣᠳ ᠬᠤᠨᠣᠬᠤ ᠶᠢ ᠨᠢᠭᠤᠴᠠ ᠭᠡᠨᠡᠮ | ᠲᠣᠲᠣᠭᠤ ᠪᠠᠷ ᠳᠣᠲᠣᠭᠰᠢᠯᠠᠭᠰᠠᠨ ᠰᠢᠷ᠎ᠠ ᠭᠡᠷᠡᠯ ᠢ ᠦᠨᠳᠦᠰᠦ ᠭᠡᠨᠡᠮ | ᠲᠡᠷᠭᠡᠯᠰᠢᠵᠦ ᠬᠠᠪᠢᠷᠭᠠᠯᠠᠬᠤ ᠰᠠᠷᠠᠨ ᠤ ᠲᠤᠶᠠᠭ᠎ᠠ ᠶᠢ ᠰᠦ ᠭᠡᠨᠡᠮ | ᠲᠤᠩ ᠡᠷᠲᠡᠨ ᠤ ᠬᠠᠳᠠᠨ ᠵᠢᠷᠤᠭ ᠢ ᠲᠡᠦᠬᠡ ᠭᠡᠨᠡᠮ | | | ᠬᠢᠵᠠᠭᠠᠷ ᠦᠭᠡᠢ ᠨᠡᠯᠦ᠋ᠢᠭᠰᠡᠨ ᠬᠡᠭᠡᠷ᠎ᠡ ᠲᠠᠯ᠎ᠠ ᠶᠢ ᠰᠤᠳᠤᠷ ᠭᠡᠨᠡᠮ | ᠬᠠᠯᠭᠢᠯᠠᠵᠤ ᠬᠦᠷᠬᠢᠷᠡᠭᠰᠡᠨ ᠶᠡᠭᠡ ᠲᠠᠯᠠᠢ ᠶᠢ ᠭᠦᠨ ᠤᠬᠠᠭᠠᠨ ᠭᠡᠨᠡᠮ | ᠬᠠᠬᠢᠷ ᠡᠪᠦᠯ ᠢ ᠨᠢᠴᠦᠭᠦᠨ ᠲᠤᠭᠤᠯᠤᠬᠰᠠᠨ ᠬᠠᠶᠢᠯᠠᠰᠤ ᠶᠢ ᠲᠡᠪᠴᠢᠶᠡᠷᠢ ᠭᠡᠨᠡᠮ | ᠬᠠᠪᠤᠷ ᠬᠡᠮᠡᠬᠦ ᠬᠠᠶᠢᠷ᠎ᠠ ᠶᠢᠨ ᠣᠷᠴᠢᠯᠠᠩ ᠢ ᠭᠡᠭᠡᠨ ᠣᠷᠣᠰᠢᠬᠤᠢ ᠭᠡᠨᠡᠮ᠃ | | |