ᠭᠦᠢᠯᠡᠰᠦᠨ ᠴᠡᠴᠡᠭ ᠳᠡᠯᠭᠡᠷᠡᠬᠦ ᠦᠶ᠎ᠡ ᠪᠠᠷ
ᠨᠡᠶᠢᠲᠡᠯᠡᠭᠰᠡᠨ ᠴᠠᠭ᠄
2025/5/27
ᠶᠠᠭᠠᠨ ᠴᠠᠭᠠᠨ ᠴᠡᠴᠡᠭᠡᠰ ᠢᠰᠪᠡᠯᠵᠡᠨ ᠵᠠᠳᠠᠷᠠᠨ᠎ᠠᠶᠠᠭᠠᠬᠢᠬᠤ ᠳᠠᠭᠠᠨ ᠰᠠᠯᠬᠢ ᠡᠩᠭᠡᠷ ᠤᠷᠤᠭᠤ ᠰᠡᠪᠡᠯᠵᠡᠭᠡᠳ ᠪᠠᠶᠢᠬᠤ ᠪᠤᠢ ᠶᠠᠮᠠᠷ ᠶᠡᠭᠡ ᠳᠣᠭᠳᠣᠯᠤᠯ ᠮᠥᠷᠥᠭᠡᠳᠦᠯ ᠪᠤᠢ᠂ ᠶᠡᠭᠡ ᠪᠠᠶᠢᠭᠠᠯᠢ ᠶᠢᠨ ᠡᠮᠦᠨ᠎ᠡ ᠨᠠᠮᠤᠭᠤᠬᠠᠨ ᠲᠣᠭᠲᠠᠭᠤᠨ ᠁ ᠬᠤᠷ᠎ᠠ ᠪᠣᠷᠣᠭᠠᠨ ᠤᠳᠠᠯ ᠦᠭᠡᠢ ᠢᠷᠡᠨ᠎ᠡ᠂ ᠬᠤᠨ ᠰᠢᠪᠠᠭᠤᠳ ᠴᠦ ᠢᠷᠡᠨ᠎ᠡ ᠢᠷᠡᠬᠦ ᠶᠣᠰᠣᠲᠠᠢ ᠵᠦᠢᠯ ᠤᠳ ᠪᠦᠷ ᠢᠷᠡᠨ᠎ᠡ ᠶᠡᠭᠡ ᠬᠠᠶᠢᠷ᠎ᠠ ᠶᠢᠨ ᠳᠣᠭᠳᠣᠯᠤᠯ ᠢᠶᠠᠨ ᠮᠥᠴᠢᠷ ᠪᠦᠭᠦᠨ ᠳᠤ ᠡᠯᠭᠦᠭᠡᠳ ᠳᠡᠯᠭᠡᠷᠡᠵᠦ ᠴᠡᠴᠡᠭᠯᠡᠵᠦ᠂ ᠦᠷᠡᠯᠡᠵᠦ ᠵᠢᠮᠢᠰᠯᠡᠬᠦ ᠶᠢ ᠬᠦᠯᠢᠶᠡᠨ᠎ᠡ ᠬᠠᠪᠤᠷ ᠠᠴᠠ ᠨᠠᠮᠤᠷ ᠪᠤᠯᠳᠠᠯ᠎ᠠ ᠬᠦᠯᠢᠶᠡᠨ᠎ᠡ ᠨᠠᠮᠤᠷ ᠠᠴᠠ ᠬᠠᠪᠤᠷ ᠤᠷᠭᠤᠳᠠᠯ᠎ᠠ ᠬᠦᠯᠢᠶᠡᠨ᠎ᠡ ᠴᠠᠭ ᠬᠤᠭᠤᠴᠠᠭ᠎ᠠ᠂ ᠭᠱᠠᠨ ᠵᠠᠭᠤᠷ᠎ᠠ ᠪᠠ ᠥᠨᠢ ᠮᠥᠩᠬᠡ ᠶᠢ ᠬᠡᠯᠬᠢᠭᠡᠳ ᠰᠠᠶᠢᠪᠤᠷᠯᠠᠨ᠎ᠠ᠂ ᠭᠠᠯᠭᠢᠭᠤᠯᠤᠨ᠎ᠠ᠂ ᠳᠠᠪᠬᠢᠨ᠎ᠠ ᠁ ᠴᠢᠪ ᠴᠢᠮᠡᠭᠡ ᠦᠭᠡᠢ ᠪᠠᠶᠢᠲᠠᠯ᠎ᠠ ᠳᠡᠷᠭᠡᠳᠡ ᠴᠢᠨᠢ ᠳᠡᠪᠳᠡᠷᠢᠨ ᠢᠷᠡᠬᠦ ᠴᠢᠩ ᠬᠠᠶᠢᠷ᠎ᠠ ᠶᠢᠨ ᠴᠡᠩᠬᠡᠷ ᠲᠠᠯᠠᠪᠴᠢ ᠲᠠᠢ ᠰᠢᠪᠠᠭᠤᠬᠠᠢ ᠤᠯᠠᠨ ᠵᠢᠯ ᠤᠨ ᠡᠮᠦᠨ᠎ᠡ ᠮᠥᠷᠥᠭᠡᠳᠦᠯ ᠤᠨ ᠮᠥᠴᠢᠷ ᠳᠡᠭᠡᠷ᠎ᠡ ᠭᠠᠩᠭᠠᠨᠠᠭᠰᠠᠨ ᠲᠡᠷᠡ ᠯᠠ ᠰᠢᠪᠠᠭᠤᠬᠠᠢ ᠪᠠᠶᠢᠵᠠᠢ ᠁ᠬᠤᠯᠠ ᠶᠢᠨ ᠬᠤᠯᠠ ᠶᠢ ᠵᠣᠷᠢᠭᠠᠳ ᠬᠢᠵᠠᠭᠠᠷ ᠦᠭᠡᠢ ᠬᠤᠯᠠ ᠶᠢᠨ ᠬᠤᠯᠠ ᠶᠢ ᠵᠣᠷᠢᠭᠠᠳ ᠬᠡᠨ ᠳᠤ ᠴᠦ ᠦᠯᠦ ᠦᠵᠡᠭᠳᠡᠮᠡᠷᠬᠡᠵᠢᠶ᠎ᠡ ᠴᠦ ᠡᠷᠭᠢᠵᠦ ᠢᠷᠡᠮᠡᠷ ᠦᠭᠡᠢ ᠤᠳᠬᠤ ᠶᠢ ᠬᠦᠰᠡᠨᠡᠮ ᠬᠡᠨ ᠨᠢᠭᠡ ᠶᠢ ᠲᠣᠬᠤᠶᠢᠯᠳᠠᠨ ᠨᠢᠳᠦ ᠪᠠᠨ ᠠᠨᠢᠭᠠᠳ ᠬᠠᠷᠠᠬᠤ ᠴᠦ ᠦᠭᠡᠢ᠂ ᠰᠣᠨᠣᠷᠳᠠᠬᠤ ᠴᠦ ᠦᠭᠡᠢ ᠰᠡᠳᠬᠢᠯ ᠢᠶᠠᠷ ᠢᠶᠠᠨ ᠵᠠᠮᠨᠠᠬᠤ ᠶᠢ ᠳᠤᠷᠠᠯᠠᠨᠠᠮ︕ ᠬᠠᠪᠤᠷ ᠤᠨ ᠰᠠᠯᠬᠢ ᠪᠠᠷ ᠢᠯᠪᠢᠭᠦᠯᠦᠭᠰᠡᠭᠡᠷ ᠵᠤᠨ ᠤ ᠶᠢᠷᠲᠢᠨᠴᠦ ᠶᠢ ᠴᠢᠭᠯᠡᠨᠡᠮ ᠵᠢᠷᠤᠭ ᠤᠨ ᠶᠤᠮ ᠰᠢᠭ᠋ ᠭᠠᠩᠭᠠᠩ ᠪᠠᠶᠢᠭᠠᠯᠢ ᠳᠤ ᠵᠠᠭᠤᠨ ᠴᠡᠴᠡᠭᠡᠰ ᠲᠠᠢ ᠬᠠᠮᠲᠤ ᠳᠡᠯᠭᠡᠷᠡᠬᠦ ᠶᠢ ᠬᠦᠰᠡᠨᠡᠮ︕ ᠨᠠᠮᠤᠷ ᠤᠨ ᠨᠠᠮᠤᠷ ᠲᠤ ᠦᠭᠡᠢ ᠠᠩᠭᠢᠷᠬᠠᠨ ᠡᠳᠦᠷ ᠤᠳ ᠢ ᠨᠠᠪᠴᠢᠰ ᠲᠠᠢ ᠬᠠᠮᠲᠤ ᠬᠤᠮᠢᠨ ᠬᠤᠷᠢᠶᠠᠮᠠᠷ ᠨᠠᠷᠠᠨ ᠤ ᠦᠨᠦᠷ ᠰᠢᠩᠭᠡᠭᠰᠡᠨ ᠲᠡᠷᠯᠢᠭ ᠤᠨ ᠢᠶᠠᠨ ᠬᠤᠷᠮᠣᠢ ᠶᠢ ᠨᠢᠮᠪᠠᠶᠢᠯᠠᠨ ᠨᠢᠮᠪᠠᠶᠢᠯᠠᠨ ᠬᠠᠳᠠᠭᠠᠯᠠᠮᠠᠷ ᠲᠡᠷᠡ ᠬᠤᠯᠠ ᠶᠢᠨ ᠡᠪᠦᠯ ᠢ ᠵᠣᠷᠢᠭᠠᠳ ᠳᠡᠩᠳᠡᠭᠦᠦ ᠨᠠᠮᠤᠭᠤᠬᠠᠨ ᠨᠦᠢᠷᠰᠤᠮᠠᠷ᠃ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ