ᠤᠰᠤᠨ ᠰᠠᠪᠠ ᠱᠠᠯ ᠬᠥᠯᠥᠷᠡᠴᠢᠬᠡᠵᠦ | ᠠᠭᠤᠯᠠᠰ ᠤᠨ ᠴᠡᠩᠬᠡᠷ ᠤᠨᠢᠶᠠᠷ ᠠᠴᠠ ᠴᠢᠭᠢᠭ ᠦᠨᠦᠷᠲᠦᠨ᠎ᠡ | ᠦᠨᠡᠨ ᠬᠤᠳᠠᠯ ᠤᠨ ᠵᠠᠭᠠᠭ ᠳᠡᠭᠡᠷ᠎ᠡ ᠴᠡᠴᠡᠭᠡᠰ ᠭᠠᠩᠬᠤᠨ᠎ᠠ | | | ᠭᠠᠵᠠᠷ ᠡᠯᠢᠭᠡᠳᠡᠵᠦ ᠨᠢᠰᠦᠯᠳᠦᠬᠦ ᠰᠢᠪᠠᠭᠤᠳ ᠤᠨ ᠵᠢᠭᠦᠷ | ᠭᠠᠩ ᠲᠠᠢ ᠤᠰᠤᠨ ᠳᠤ ᠲᠦᠷᠦᠭᠡᠳ ᠠᠪᠤᠭᠰᠠᠨ ᠶᠤᠮ ᠰᠢᠭ | ᠬᠦᠨᠳᠦ ᠮᠥᠷᠲᠡᠭᠡᠨ ᠬᠥᠩᠭᠡᠨ ᠁ | | | ᠴᠢᠭᠢᠭ ᠵᠠᠭᠤᠭᠰᠠᠨ ᠰᠠᠯᠬᠢ | ᠴᠡᠴᠡᠭ ᠤᠨ ᠠᠶᠠᠯᠭᠤ ᠲᠠᠢ ᠪᠤᠶᠢᠯᠠᠨ᠎ᠠ | ᠠᠯᠠᠭ ᠰᠢᠬᠦᠷ ᠤᠨ ᠳᠣᠣᠷ᠎ᠠ ᠠᠮᠠᠷᠠᠭ ᠵᠣᠭᠤᠭ ᠵᠦᠰᠡᠷᠡᠨ᠎ᠡ | | | ᠲᠠᠯ᠎ᠠ ᠳᠤ ᠲᠣᠭᠤᠷᠤᠤ ᠴᠠᠮᠨᠠᠵᠤ | ᠲᠡᠭᠷᠢ ᠳᠤ ᠡᠭᠦᠯᠡ ᠬᠤᠷᠠᠯᠳᠤᠨ᠎ᠠ | ᠰᠢᠷᠭᠤᠯᠵᠢ ᠳᠡᠪᠵᠢᠶᠡᠨ ᠪᠣᠯᠣᠯᠴᠠᠬᠤ ᠨᠢ ᠰᠢᠯᠦᠭ ᠤᠨ ᠰᠡᠷᠡᠯ ᠢᠷᠡᠬᠦ ᠰᠢᠭ | | | ᠲᠠᠯᠠᠩ ᠲᠠᠢ ᠠᠷᠭᠠᠯ ᠴᠢᠭᠢᠭᠲᠦᠵᠦ | ᠳᠡᠪᠦᠷ᠎ᠡ ᠲᠠᠢ ᠴᠠᠢ ᠤᠳᠠᠲᠠᠯ᠎ᠠ ᠱᠠᠷᠴᠢᠭᠢᠨᠠᠨ᠎ᠠ | ᠳᠠᠪᠤᠰᠤ ᠬᠦᠯᠢᠶᠡᠵᠦ ᠶᠠᠳᠠᠨ ᠬᠥᠯᠥᠷᠡᠨ᠎ᠡ | | | ᠦᠵᠡᠰᠬᠦᠯᠡᠩᠲᠦ ᠰᠣᠯᠣᠩᠭ᠎ᠠ ᠶᠢ ᠪᠡᠯᠭᠡᠰᠢᠶᠡᠵᠦ | ᠥᠰᠪᠦᠷᠢ ᠶᠢᠨ ᠬᠡᠦᠬᠡᠳ ᠠᠯᠴᠢᠭᠤᠷ ᠬᠠᠶᠠᠵᠤ ᠲᠣᠭᠯᠠᠨ᠎ᠠ | ᠠᠶᠠᠰ ᠤᠨ ᠰᠠᠯᠬᠢ ᠠᠯᠴᠢᠭᠤᠷ ᠤᠨ ᠦᠵᠦᠭᠦᠷ ᠲᠤ ᠲᠡᠷᠪᠡᠰᠭᠢᠨᠡ | | | ᠣᠪᠣᠭᠠᠨ ᠴᠢᠯᠠᠭᠤᠳ ᠳᠡᠪᠵᠢᠶᠡᠷᠡᠵᠦ | ᠤᠶᠠᠩᠭ᠎ᠠ ᠶᠢᠨ ᠥᠩᠭᠡ ᠪᠠᠷ ᠴᠡᠩᠬᠡᠷᠯᠡᠨ᠎ᠡ᠂ | ᠭᠠᠩ ᠬᠠᠭᠤᠷᠠᠢ ᠪᠢᠯᠢᠭ ᠤᠨ ᠠᠷᠪᠠᠨ ᠭᠤᠷᠪᠠᠨ ᠢ ᠬᠡᠲᠦᠷᠡᠳᠡᠭ ᠦᠭᠡᠢ | | | ᠴᠢᠳᠦᠷ ᠤᠨ ᠰᠤᠮᠤ ᠲᠠᠯᠪᠢᠭᠳᠠᠵᠤ | ᠮᠣᠷᠢᠨ ᠤ ᠬᠥᠯ ᠠᠮᠠᠷᠠᠰᠭᠢᠨᠡ | ᠮᠣᠩᠭᠤᠯ ᠨᠤᠲᠤᠭ ᠤᠨ ᠮᠣᠷᠢᠲᠠᠢ ᠪᠣᠷᠣᠭᠠᠨ ᠢᠷᠡᠬᠦ ᠨᠢ ᠠ᠋︕ | | | ᠨᠠᠢᠮᠠᠨ ᠭᠠᠨᠵᠤᠭ᠎ᠠ ᠲᠡᠷᠪᠡᠰᠭᠢᠵᠤ᠂ | ᠨᠠᠶᠢᠷᠠᠭᠴᠢ ᠡᠪᠦᠭᠡᠨ | ᠨᠠᠷᠡᠨ ᠤ ᠪᠣᠷᠣᠭᠠᠨ ᠳᠤ ᠰᠢᠬᠦᠷ ᠢᠶᠠᠨ ᠳᠡᠯᠭᠡᠬᠦ ᠵᠠᠪ ᠦᠭᠡᠢ | | | ᠰᠢᠬᠦᠷ ᠤᠨ ᠳᠣᠣᠷ᠎ᠠ ᠰᠢᠯᠦᠭ ᠪᠤᠳᠤᠵᠤ ᠵᠣᠭᠰᠣᠬᠤᠢ ᠳᠤ | ᠤᠨᠵᠢᠯᠭ᠎ᠠ ᠨᠢ ᠲᠠᠰᠤᠷᠠᠬᠰᠠᠨ ᠰᠤᠪᠤᠳ ᠤᠨ ᠮᠥᠬᠦᠯᠢᠭ ᠰᠢᠭ | ᠪᠣᠷᠣᠭᠠᠨ ᠤ ᠲᠤᠰᠤᠯ ᠨᠠᠮ᠎ᠠ ᠶᠢ ᠭᠤᠯᠳᠤ ᠪᠠᠷ ᠤᠩᠰᠢᠨ᠎ᠠ᠃ | | |