ᠨᠡᠭᠦᠷᠡᠰᠦᠲᠥ᠋ᠷᠥᠭᠴᠢ ᠶᠢᠨ ᠠᠮᠮᠤᠨᠢ ᠶᠢ ᠲᠣᠬᠢᠷᠠᠮᠵᠢᠲᠠᠢ ᠤᠷᠤᠭᠤᠯᠤᠨ᠎ᠠ᠃ ᠡᠪᠦᠯ ᠤᠨ ᠤᠯᠠᠷᠢᠯ ᠳᠤ ᠠᠭᠠᠷ ᠤᠨ ᠳᠤᠯᠠᠭᠠᠨ ᠳᠣᠣᠷ᠎ᠠ᠂ ᠨᠡᠭᠦᠷᠡᠰᠦᠲᠥ᠋ᠷᠥᠭᠴᠢ ᠶᠢᠨ | ᠠᠮᠮᠤᠨᠢ ᠠᠮᠠᠷᠬᠠᠨ ᠳᠡᠭᠳᠡᠨ ᠵᠠᠳᠠᠷᠠᠳᠠᠭ ᠦᠭᠡᠢ ᠲᠤᠯᠠ ᠪᠣᠷᠳᠣᠭᠤᠷ ᠤᠨ ᠠᠰᠢᠭᠯᠠᠯᠲᠠ ᠶᠢᠨ ᠨᠤᠷᠮ᠎ᠠ ᠶᠢ ᠳᠡᠭᠡᠭᠰᠢᠯᠡᠭᠦᠯᠬᠦ ᠳᠤ ᠠᠰᠢᠭᠲᠠᠢ︔ ᠨᠡᠭᠦᠷᠡᠰᠦᠬᠦ᠋ᠴᠢᠯ ᠤᠨ | ᠤᠰᠤᠲᠥ᠋ᠷᠥᠭᠴᠢᠲᠤ ᠠᠮᠮᠤᠨᠢ ᠪᠣᠯ ᠠᠮᠮᠤᠨᠢ ᠶᠢᠨ ᠲᠥᠯᠥᠪᠲᠦ ᠠᠽᠣᠲ ᠪᠣᠷᠳᠣᠭᠤᠷ ᠲᠤ ᠪᠠᠭᠲᠠᠨ᠎ᠠ᠂ ᠬᠥᠷᠥᠰᠥᠨ ᠳᠤ ᠣᠷᠣᠭᠤᠯᠤᠭᠰᠠᠨ ᠤ ᠳᠠᠷᠠᠭ᠎ᠠ ᠲᠠᠷᠢᠮᠠᠯ ᠳᠤ | ᠰᠢᠭᠤᠳ ᠰᠢᠩᠭᠡᠭᠡᠭᠳᠡᠨ ᠠᠰᠢᠭᠯᠠᠭᠳᠠᠳᠠᠭ᠂ ᠪᠣᠷᠳᠣᠭᠤᠷ ᠤᠨ ᠦᠢᠯᠡᠳᠦᠯ ᠨᠢ ᠲᠦᠷᠭᠡᠨ᠂ ᠨᠡᠶᠢᠲᠡᠯᠢᠭ ︽ᠲᠦᠷᠭᠡᠨ ᠦᠢᠯᠡᠳᠦᠯᠳᠦ ᠪᠣᠷᠳᠣᠭᠤᠷ︾ ᠲᠤ ᠪᠠᠭᠲᠠᠵᠤ᠂ | ᠴᠠᠭ ᠲᠤᠬᠠᠢ ᠳᠤᠨᠢ ᠲᠠᠷᠢᠮᠠᠯ ᠳᠤ ᠠᠽᠣᠲ ᠡᠳ᠋ ᠤᠨ ᠰᠢᠮ᠎ᠡ ᠲᠡᠵᠢᠭᠡᠯ ᠢ ᠬᠠᠩᠭᠠᠳᠠᠭ᠃ ᠲᠤᠷᠰᠢᠯᠲᠠ ᠶᠢ ᠦᠨᠳᠦᠰᠦᠯᠠᠪᠠᠯ᠂ ᠡᠪᠦᠯ ᠤᠨ ᠤᠯᠠᠷᠢᠯ ᠳᠤ ᠪᠤᠭᠤᠳᠠᠢ ᠶᠢᠨ | ᠲᠠᠷᠢᠶᠠᠨ ᠳᠤ ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠠᠮᠮᠤᠨᠢ ᠶᠢ ᠨᠡᠮᠡᠨ ᠣᠷᠤᠭᠤᠯᠪᠠᠯ᠂ ᠪᠣᠷᠳᠣᠭᠤᠷ ᠤᠨ ᠠᠰᠢᠭᠯᠠᠮᠵᠢ ᠨᠢ ᠥᠨᠳᠥᠷ ᠳᠤᠯᠠᠭᠠᠨ ᠤ | ᠤᠯᠠᠷᠢᠯ ᠤᠨ ᠬᠢ ᠠᠴᠠ 1~1.5 ᠳᠠᠬᠢᠨ ᠨᠡᠮᠡᠭᠳᠡᠳᠡᠭ᠃ | ᠰᠢᠭᠡᠰᠦᠯᠢᠭ ᠡᠳ᠋ ᠣᠷᠣᠭᠤᠯᠬᠤ ᠶᠢ ᠴᠡᠭᠡᠷᠯᠡᠨ᠎ᠡ᠃ ᠰᠢᠭᠡᠰᠦᠯᠢᠭ ᠡᠳ᠋ ᠪᠣᠯ ᠠᠼᠢᠯ ᠠᠮᠮᠤᠨᠢ ᠶᠢᠨ ᠲᠥᠯᠥᠪᠲᠦ ᠠᠽᠣᠲ ᠪᠣᠷᠳᠣᠭᠤᠷ ᠲᠤ ᠪᠠᠭᠲᠠᠨ᠎ᠠ᠂ | ᠬᠥᠷᠥᠰᠥᠨ ᠳᠤ ᠣᠷᠣᠭᠤᠯᠤᠭᠰᠠᠨ ᠤ ᠳᠠᠷᠠᠭ᠎ᠠ ᠲᠠᠷᠢᠮᠠᠯ ᠳᠤ ᠰᠢᠭᠤᠳ ᠰᠢᠩᠭᠡᠭᠡᠭᠳᠡᠨ ᠠᠰᠢᠭᠯᠠᠭᠳᠠᠬᠤ ᠦᠭᠡᠢ᠂ ᠬᠥᠷᠥᠰᠥᠨ ᠳᠠᠬᠢ ᠰᠢᠭᠡᠰᠦᠯᠢᠭ ᠡᠳ᠋ ᠤᠨ | ᠪᠠᠺᠲ᠋ᠧᠷᠢ ᠶᠢᠨ ᠰᠢᠭᠦᠷᠡᠭᠦᠯᠦᠭᠰᠡᠨ ᠰᠢᠭᠡᠰᠦᠨ ᠤ ᠢᠰᠬᠡᠭᠦᠷ ᠤᠨ ᠦᠢᠯᠡᠳᠦᠯ ᠳᠣᠣᠷ᠎ᠠ ᠠᠮᠮᠤᠨᠢ ᠶᠢᠨ ᠲᠥᠯᠥᠪᠲᠦ ᠠᠽᠣᠲ ᠪᠣᠯᠭᠠᠨ ᠬᠤᠪᠢᠷᠠᠭᠤᠯᠪᠠᠯ ᠰᠠᠶ᠋ᠢ | ᠦᠨᠳᠦᠰᠦ ᠶᠢᠨ ᠰᠢᠰᠲ᠋ᠧᠮ ᠤᠨ ᠰᠢᠩᠭᠡᠭᠡᠯᠲᠡ ᠶᠢ ᠬᠠᠩᠭᠠᠵᠤ ᠴᠢᠳᠠᠨ᠎ᠠ᠃ ᠰᠢᠭᠡᠰᠦᠯᠢᠭ ᠡᠳ᠋ ᠤᠨ ᠬᠤᠪᠢᠷᠠᠯᠲᠠ ᠶᠢᠨ ᠬᠤᠷᠳᠤᠴᠠ ᠨᠢ ᠭᠤᠣᠯᠳᠠᠭᠤ ᠬᠥᠷᠥᠰᠥᠨ ᠤ | ᠳᠤᠯᠠᠭᠠᠨ ᠠᠴᠠ ᠲᠣᠭᠲᠠᠭᠠᠭᠳᠠᠨ᠎ᠠ᠃ ᠬᠥᠷᠥᠰᠥᠨ ᠳᠤ ᠣᠷᠣᠭᠤᠯᠤᠭᠰᠠᠨ ᠰᠢᠭᠡᠰᠦᠯᠢᠭ ᠡᠳ᠋ ᠨᠢ ᠪᠦᠬᠦᠨ ᠢᠶᠠᠷ ᠢᠶᠠᠨ ᠠᠮᠮᠤᠨᠢ ᠶᠢᠨ ᠲᠥᠯᠥᠪᠲᠦ ᠠᠽᠣᠲ ᠪᠣᠯᠣᠨ | ᠬᠤᠪᠢᠷᠠᠬᠤ ᠳᠤ᠂ ᠭᠠᠵᠠᠷ ᠤᠨ ᠳᠤᠯᠠᠭᠠᠨ 10℃ ᠪᠣᠯᠬᠤ ᠦᠶ᠎ᠡ ᠳᠤ 7~10 ᠡᠳᠦᠷ ᠬᠡᠷᠡᠭᠰᠡᠨ᠎ᠡ᠂ 20℃ ᠪᠣᠯᠬᠤ ᠦᠶ᠎ᠡ ᠳᠤ 4~5 ᠡᠳᠦᠷ ᠬᠡᠷᠡᠭᠰᠡᠨ᠎ᠡ᠂ | 30℃ ᠪᠣᠯᠬᠤ ᠦᠶ᠎ᠡ ᠳᠤ ᠵᠥᠪᠬᠡᠨ 2~3 ᠡᠳᠦᠷ ᠬᠡᠷᠡᠭᠰᠡᠨ᠎ᠡ᠃ ᠡᠭᠦᠨ ᠠᠴᠠ ᠦᠵᠡᠬᠦ ᠳᠤ᠂ ᠲᠠᠷᠢᠮᠠᠯ ᠳᠤ ᠡᠪᠦᠯ ᠤᠨ ᠤᠯᠠᠷᠢᠯ ᠪᠤᠶᠤ ᠬᠠᠪᠤᠷ ᠤᠨ ᠡᠬᠢ ᠪᠠᠷ | ᠪᠣᠷᠳᠣᠭᠤᠷ ᠨᠡᠮᠡᠬᠦ ᠳᠤ ᠬᠡᠷᠪᠡ ᠰᠢᠭᠡᠰᠦᠯᠢᠭ ᠡᠳ᠋ ᠢ ᠣᠷᠣᠭᠤᠯᠪᠠᠯ ᠪᠣᠷᠳᠣᠭᠤᠷ ᠤᠨ ᠠᠰᠢᠭᠯᠠᠮᠵᠢ ᠨᠢ ᠤᠳᠠᠭᠠᠨ ᠪᠤᠯᠬᠤᠷ ᠲᠠᠷᠢᠮᠠᠯ ᠤᠨ ᠤᠷᠭᠤᠯᠲᠠ ᠶᠢ ᠨᠦᠯᠦᠭᠡᠯᠡᠳᠡᠭ | ᠃ ᠹᠣᠰᠹᠣᠷ᠂ ᠴᠠᠶᠢᠷ ᠤᠨ ᠪᠣᠷᠳᠣᠭᠤᠷ ᠢ ᠨᠡᠮᠡᠵᠦ ᠤᠷᠤᠭᠤᠯᠤᠨ᠎ᠠ᠃ ᠲᠠᠷᠢᠮᠠᠯ ᠤᠨ ᠹᠣᠰᠹᠣᠷ ᠪᠣᠯᠣᠨ ᠴᠠᠶᠢᠷ ᠤᠨ ᠰᠢᠩᠭᠡᠭᠡᠯᠲᠡ ᠨᠢ ᠳᠤᠯᠠᠭᠠᠨ ᠤ ᠬᠡᠮᠵᠢᠶ᠎ᠡ ᠪᠣᠯᠣᠨ | ᠭᠡᠷᠡᠯ ᠤᠨ ᠲᠤᠰᠤᠯᠲᠠ ᠶᠢᠨ ᠨᠥᠯᠥᠭᠡ ᠶᠢ ᠢᠯᠡᠷᠬᠡᠢ ᠬᠦᠷᠳᠡᠳᠡᠭ᠃ ᠡᠪᠦᠯ ᠤᠨ ᠤᠯᠠᠷᠢᠯ ᠳᠤ ᠠᠭᠠᠷ ᠤᠨ ᠳᠤᠯᠠᠭᠠᠨ ᠳᠣᠣᠷ᠎ᠠ᠂ ᠭᠡᠷᠡᠯ ᠤᠨ ᠲᠤᠰᠤᠯᠲᠠ ᠭᠦᠢᠴᠡᠳ | ᠦᠭᠡᠢ ᠪᠣᠯᠬᠤᠷ ᠡᠪᠦᠯᠵᠢᠬᠦ ᠲᠠᠷᠢᠮᠠᠯ ᠳᠤ ᠹᠣᠰᠹᠣᠷ ᠳᠤᠲᠠᠭᠳᠠᠬᠤ᠂ ᠴᠠᠶᠢᠷ ᠳᠤᠲᠠᠭᠳᠠᠬᠤ ᠪᠠᠶᠢᠳᠠᠯ ᠠᠮᠠᠷᠬᠠᠨ ᠢᠯᠡᠷᠡᠳᠡᠭ᠂ ᠡᠶᠢᠮᠦ ᠠᠴᠠ ᠹᠣᠰᠹᠣᠷ ᠪᠣᠷᠳᠣᠭᠤᠷ ᠪᠠ | ᠴᠠᠶᠢᠷ ᠪᠣᠷᠳᠣᠭᠤᠷ ᠢ ᠵᠣᠬᠢᠬᠤ ᠬᠡᠮᠵᠢᠶ᠎ᠡ ᠪᠠᠷ ᠨᠡᠮᠡᠵᠦ ᠣᠷᠣᠭᠤᠯᠪᠠᠯ ᠵᠣᠬᠢᠨ᠎ᠠ᠃ | ᠡᠭᠦᠨ ᠠᠴᠠ ᠭᠠᠳᠠᠨ᠎ᠠ᠂ ᠹᠣᠰᠹᠣᠷ ᠨᠢ ᠤᠷᠭᠤᠮᠠᠯ ᠤᠨ ᠬᠦᠢᠲᠡᠨ ᠢ ᠲᠡᠰᠪᠦᠷᠢᠯᠡᠬᠦ ᠴᠢᠨᠠᠷ ᠢ ᠨᠡᠮᠡᠭᠳᠡᠭᠦᠯᠵᠦ᠂ ᠹᠣᠰᠹᠣᠷ ᠪᠣᠷᠳᠣᠭᠤᠷ ᠢ ᠨᠡᠮᠡᠪᠡᠯ ᠲᠠᠷᠢᠮᠠᠯ ᠤᠨ | ᠬᠥᠯᠳᠡᠬᠦ ᠭᠠᠮᠰᠢᠭ ᠢ ᠰᠡᠷᠭᠡᠶᠢᠯᠡᠬᠦ ᠳᠤ ᠠᠰᠢᠭᠲᠠᠢ᠃ |