ᠠᠮᠧᠷᠢᠺᠠ ᠶᠢᠨ ᠰᠲ᠋ᠠᠨᠹᠦᠷᠳ᠋ ᠶᠡᠭᠡ ᠰᠤᠷᠭᠠᠭᠤᠯᠢ ᠶᠢᠨ ᠰᠤᠳᠤᠯᠭᠠᠳᠠᠳ ᠬᠦᠮᠦᠨ ᠤ ᠡᠳᠦᠷ ᠪᠤᠯᠭᠠᠨ ᠤ ᠶᠠᠪᠠᠭᠠᠨ ᠶᠠᠪᠤᠭᠰᠠᠨ ᠠᠯᠬᠤᠮ ᠤᠨ ᠳᠤᠭ᠎ᠠ ᠪᠠᠷ ᠵᠢᠭᠠᠯᠳᠠ | ᠳᠤᠭ᠎ᠠ ᠪᠤᠯᠭᠠᠵᠤ᠂ ᠪᠦᠬᠦ ᠪᠦᠮᠪᠦᠷᠴᠡᠭ ᠤᠨ 46 ᠤᠯᠤᠰ ᠤᠷᠤᠨ ᠤ ᠰᠠᠭᠤᠭᠠᠯᠢ ᠠᠷᠠᠳ ᠤᠨ ᠬᠦᠳᠡᠯᠭᠡᠭᠡᠨ ᠤ ᠳᠦᠪᠰᠢᠨ ᠳᠤ ᠵᠠᠳᠠᠯᠤᠯᠳᠠ ᠬᠢᠭᠰᠡᠨ ᠪᠠᠶᠢᠨ᠋᠎ᠠ᠃ | ᠯᠦ ᠶᠤᠸᠠᠨ ᠵᠧᠨ ︵ᠬᠤᠸᠠᠨᠠᠨ ᠪᠠᠭᠰᠢ ᠶᠢᠨ ᠶᠡᠭᠡ ᠰᠤᠷᠭᠠᠭᠤᠯᠢ ᠶᠢᠨ ᠪᠡᠶ᠎ᠡ ᠶᠢᠨ ᠳᠠᠮᠢᠷ ᠨᠡᠶᠢᠭᠡᠮ ᠰᠤᠳᠤᠯᠤᠯ ᠤᠨ ᠫᠷᠦᠹᠧᠰᠰᠤᠷ︶ ᠤ ᠵᠠᠳᠠᠯᠤᠯᠳᠠ᠄ ᠶᠠᠪᠠᠭᠠᠨ | ᠠᠯᠬᠤᠬᠤ ᠡᠰᠡᠬᠦ᠂ ᠭᠡᠳᠦᠢ ᠬᠤᠯᠠ ᠠᠯᠬᠤᠬᠤ ᠪᠤᠢ ᠭᠡᠳᠡᠭ ᠨᠢ ᠤᠯᠠᠨ ᠡᠯᠧᠮᠧᠨ᠋ᠲ᠋ᠧ ᠠᠴᠠ ᠰᠢᠯᠳᠠᠭᠠᠯᠠᠨ᠋ᠠ᠂ ᠵᠢᠱᠢᠶᠡᠯᠡᠪᠡᠯ ᠬᠦᠮᠦᠰ ᠤᠨ ᠭᠡᠷ ᠪᠠᠶᠢᠭᠤᠯᠭ᠎ᠠ ᠶᠢᠨ | ᠬᠤᠭᠤᠷᠤᠨᠳᠤᠬᠢ ᠵᠠᠢ᠂ ᠵᠠᠮ ᠬᠠᠷᠢᠯᠴᠠᠭᠠᠨ ᠤ ᠳᠠᠳᠬᠠᠯ ᠵᠡᠷᠭᠡ ᠤᠯᠠᠨ ᠳᠠᠯ᠎ᠠ ᠪᠠᠶᠢᠳᠠᠭ᠃ ᠮᠠᠨ ᠤ ᠤᠯᠤᠰ ᠲᠤ᠂ ᠦᠪᠡᠷ ᠤᠨ ᠮᠠᠰᠢᠨ ᠲᠠᠢ ᠬᠦᠮᠦᠨ ᠤ ᠳᠤᠭ᠎ᠠ | ᠦᠳᠳᠡᠷ ᠳᠦᠷᠭᠡᠨ ᠨᠡᠮᠡᠭᠳᠡᠵᠦ ᠪᠠᠶᠢᠭ᠎ᠠ ᠪᠤᠯᠪᠠᠴᠤ ᠤᠯᠠᠩᠭᠢ ᠳᠤᠭᠠᠨ ᠤ ᠬᠤᠳᠠ ᠶᠢᠨ ᠰᠠᠭᠤᠭᠠᠯᠢ ᠠᠷᠠᠳ ᠠᠵᠢᠯ ᠳᠠᠭᠠᠨ ᠶᠠᠪᠤᠬᠤ᠂ ᠵᠡᠭᠡᠯᠢ ᠳᠤ ᠭᠠᠷᠬᠤ ᠵᠡᠷᠭᠡ ᠳᠤ | ᠮᠦᠨ ᠯᠡ ᠨᠡᠶᠢᠳᠡ ᠶᠢᠨ ᠮᠠᠰᠢᠨ ᠳᠡᠷᠭᠡ᠂ ᠭᠠᠵᠠᠷ ᠳᠤᠤᠷᠠᠬᠢ ᠳᠡᠮᠦᠷ ᠵᠠᠮ ᠵᠡᠷᠭᠡ ᠶᠢᠨ ᠨᠡᠶᠢᠳᠡ ᠶᠢᠨ ᠵᠠᠮ ᠬᠠᠷᠢᠯᠴᠠᠭᠠᠨ ᠤ ᠪᠠᠭᠠᠵᠢ ᠳᠤ ᠳᠦᠰᠢᠭᠯᠡᠭᠰᠡᠭᠡᠷ ᠪᠠᠶᠢᠵᠦ᠂ | ᠡᠯ᠎ᠠ ᠵᠤᠬᠰᠤᠭᠠᠯ ᠦᠷᠳᠡᠭᠡᠨ ᠤ ᠬᠤᠭᠤᠷᠤᠨᠳᠤ ᠦᠨᠳᠦᠰᠦᠨ ᠳᠡᠭᠡᠨ ᠶᠠᠪᠠᠭᠠᠨ ᠠᠯᠬᠤᠵᠤ ᠪᠠᠶᠢᠳᠠᠭ᠃ ᠦᠷᠦᠨᠡᠳᠠᠬᠢᠨ ᠤ ᠠᠯᠢ ᠤᠯᠠᠨ ᠤᠯᠤᠰ ᠤᠷᠤᠨ ᠤ ᠰᠠᠭᠤᠭᠠᠯᠢ | ᠠᠷᠠᠳ ᠬᠠᠮ ᠳᠡᠯᠭᠡᠭᠦᠷ ᠲᠤ ᠤᠴᠢᠬᠤ ᠳᠠᠭᠠᠨ ᠴᠤ ᠮᠠᠰᠢᠨ ᠳᠡᠷᠭᠡ ᠵᠢᠯᠤᠭᠤᠳᠴᠤ ᠶᠠᠪᠤᠳᠠᠭ ᠲᠠᠢ ᠠᠳᠠᠯᠢᠳᠬᠠᠪᠠᠯ᠂ ᠮᠠᠨ ᠤ ᠤᠯᠤᠰ ᠤᠨ ᠰᠠᠭᠤᠭᠠᠯᠢ ᠠᠷᠠᠳ ᠠᠷᠠᠢ | ᠢᠯᠡᠭᠦᠦ ᠶᠠᠪᠠᠭᠠᠨ ᠠᠯᠬᠤᠵᠤ ᠪᠠᠶᠢᠬᠤ ᠨᠢ ᠰᠠᠨᠠᠭᠠᠨ᠎ᠠ ᠠᠴᠠ ᠭᠠᠳᠠᠭᠤᠷ ᠶᠠᠪᠤᠳᠠᠯ ᠪᠢᠰᠢ᠃ ᠳᠠᠬᠢᠪᠠᠯ᠂ ᠮᠠᠨ ᠤ ᠤᠯᠤᠰ ᠤᠨ ᠰᠠᠭᠤᠭᠠᠯᠢ ᠠᠷᠠᠳ ᠤᠨ ᠡᠷᠡᠭᠦᠯ | ᠮᠡᠨᠳᠦ ᠶᠢᠨ ᠤᠬᠠᠮᠰᠠᠷ ᠶᠠᠪᠤᠬᠤ ᠳᠤᠳᠤᠮ ᠢᠶᠠᠨ ᠳᠡᠭᠡᠭᠰᠢᠯᠡᠵᠦ᠂ ︽ᠬᠤᠭᠤᠯᠠ ᠢᠳᠡᠵᠦ ᠬᠤᠳᠤᠭᠤᠳᠤ ᠪᠠᠨ ᠪᠤᠷᠳᠤᠬᠤ ᠠᠴᠠ ᠬᠦᠳᠡᠯᠭᠡᠭᠡᠨ ᠬᠢᠵᠦ ᠬᠦᠯᠦᠰᠦ | ᠴᠢᠭᠢᠭᠯᠡᠭᠦᠯᠬᠦ︾ ᠶᠢ ᠬᠦᠭᠡᠭᠡᠴᠡᠯᠳᠦᠬᠦ ᠨᠢ ᠢᠯᠡᠭᠦᠦ ᠪᠤᠯᠵᠤ᠂ ᠶᠠᠪᠠᠭᠠᠨ ᠠᠯᠬᠤᠬᠤ ᠨᠢ ᠡᠷᠡᠭᠦᠯ ᠰᠠᠷᠠᠭᠤᠯ ᠠᠮᠢᠳᠤᠷᠠᠯ ᠤᠨ ᠪᠡᠯᠭᠡᠳᠡᠯ᠂ ᠤᠯᠠᠨ ᠴᠤ ᠬᠦᠮᠦᠨ ᠤ | ᠬᠦᠭᠡᠭᠡᠴᠡᠯᠳᠦᠯ ᠪᠤᠯᠵᠤ ᠤᠯᠠᠮ ᠢᠶᠠᠷ ᠵᠠᠢ ᠠᠪᠬᠤ ᠪᠤᠯᠵᠠᠢ᠃ | ᠤᠳᠤ ᠶᠢᠨ ᠬᠦᠮᠦᠨ ᠤ ᠬᠦᠳᠡᠯᠭᠡᠭᠡᠨ ᠬᠢᠵᠦ ᠪᠠᠶᠢᠭ᠎ᠠ ᠪᠠᠶᠢᠳᠠᠯ ᠳᠤ ᠬᠤᠶᠠᠷ ᠳᠦᠢᠯᠵᠢᠬᠤ ᠠᠰᠠᠭᠤᠳᠠᠯ ᠤᠷᠤᠰᠢᠵᠤ ᠪᠠᠶᠢᠨ᠋᠎ᠠ᠃ ᠠᠯᠢ ᠤᠯᠠᠨ ᠠᠯᠪᠠᠨ | ᠠᠵᠢᠯ ᠲᠠᠢ ᠵᠠᠯᠠᠭᠤ ᠢᠳᠡᠷᠴᠤᠳ᠂ ᠮᠠᠰᠢᠨ ᠳᠡᠷᠭᠡ ᠵᠢᠯᠤᠭᠤᠳᠴᠤ ᠶᠠᠪᠤᠬᠤ ᠳᠠᠳᠬᠠᠯ ᠲᠠᠢ ᠪᠤᠯᠵᠤ᠂ ᠬᠦᠳᠡᠯᠭᠡᠭᠡᠨ ᠬᠢᠬᠦ ᠨᠢ ᠴᠦᠭᠡᠷᠡᠵᠦ᠂ ᠳᠠᠮᠢᠷ ᠳᠡᠩᠬᠡᠬᠡ ᠨᠢ | ᠮᠠᠭᠤᠳᠠᠨ᠂ ᠪᠡᠶ᠎ᠡ ᠶᠢᠨ ᠬᠦᠨᠳᠦ ᠨᠢ ᠨᠡᠮᠡᠭᠳᠡᠵᠦ ᠪᠠᠶᠢᠨ᠋᠎ᠠ︔ ᠨᠦᠭᠦᠭᠡ ᠨᠢᠭᠡ ᠪᠦᠯᠦᠭ ᠨᠢ ᠡᠳᠦᠷ ᠪᠤᠯᠭᠠᠨ ᠠᠯᠬᠤᠬᠰᠠᠨ ᠳᠤᠭ᠎ᠠ ᠪᠠᠨ ᠭᠠᠶᠢᠬᠠᠭᠤᠯᠤᠨ ᠤᠷᠤᠯᠳᠤᠵᠤ᠂ | ᠬᠦᠳᠡᠯᠭᠡᠭᠡᠨ ᠨᠢ ᠭᠡᠳᠦᠷᠡᠵᠦ ᠪᠠᠶᠢᠨ᠋᠎ᠠ᠃ ᠡᠷᠡᠭᠦᠯ ᠮᠡᠨᠳᠦ ᠶᠢᠨ ᠢᠶᠠᠨ ᠳᠦᠯᠦᠬᠡ᠂ ᠡᠳᠦᠷ ᠪᠤᠯᠭᠠᠨ 1 ᠲᠦᠮᠡᠨ ᠠᠯᠬᠤᠮ ᠠᠯᠬᠤᠬᠤ ᠪᠠᠷ ᠪᠤᠳᠤᠭᠰᠠᠨ ᠴᠤ ᠪᠠᠰᠠ | ᠪᠠᠶᠢᠳᠠᠯ ᠢᠶᠠᠨ ᠦᠵᠡᠬᠦ ᠭᠡᠷᠡᠭᠳᠡᠢ᠃ ᠭᠡᠷᠪᠡ ᠬᠡᠪ ᠤᠨ ᠪᠠᠶᠢᠳᠠᠯ ᠢᠶᠠᠷ 1 ᠲᠦᠮᠡ ᠠᠯᠬᠤᠭᠰᠠᠨ ᠪᠤᠯ᠂ ᠳᠡᠭᠡᠷ᠎ᠠ ᠨᠢ ᠡᠳᠦᠷ ᠳᠤᠳᠤᠮ ᠤᠨ ᠡᠩ ᠤᠨ ᠤᠶᠢᠷ᠎ᠠ | ᠵᠠᠭᠤᠷ᠎ᠠ ᠶᠢᠨ ᠶᠠᠪᠤᠵᠤ ᠰᠠᠭᠤᠭᠰᠠᠨ ᠢᠶᠠᠨ ᠨᠡᠮᠡᠪᠡᠯ᠂ ᠨᠢᠭᠡ ᠡᠳᠦᠷ ᠤᠨ ᠬᠦᠳᠡᠯᠭᠡᠭᠡᠨ ᠤ ᠬᠡᠮᠵᠢᠶ᠎ᠠ ᠨᠢ ᠨᠡᠯᠢᠶᠡᠳ ᠳᠤᠬᠢᠷᠠᠮᠵᠢᠳᠠᠢ ᠪᠠᠶᠢᠬᠤ ᠳᠠᠭᠠᠨ ᠤᠷᠤᠨ᠋ᠠ︔ ᠭᠡᠷᠪᠡ | ᠬᠤᠷᠳᠤᠨ ᠠᠯᠬᠤᠬᠤ ᠪᠤᠯᠪᠠᠰᠤᠷᠠᠯ ᠤᠨ ᠠᠷᠭ᠎ᠠ ᠶᠢ ᠠᠪᠴᠤ ᠪᠠᠶᠢᠭ᠎ᠠ ᠶᠤᠮ ᠪᠤᠯ ᠡᠳᠦᠷ ᠲᠤ 6000 ᠠᠯᠬᠤᠪᠠᠯ ᠡᠷᠡᠭᠦᠯ ᠮᠡᠨᠳᠦ ᠶᠢᠨ ᠴᠢᠨᠢ ᠱᠠᠭᠠᠷᠳᠠᠯᠭ᠎ᠠ ᠳᠤ | ᠰᠠᠨᠠᠭ᠎ᠠ ᠠᠮᠤᠷ ᠬᠦᠷᠦᠨ᠋ᠠ᠃ | ᠠᠯᠬᠤᠯᠳᠠ ᠶᠢᠨ ᠳᠤᠭ᠎ᠠ ᠶᠢ ᠬᠡᠮᠵᠢᠳᠡᠭ ᠵᠦᠭᠡᠯᠡᠨ ᠳᠤᠨᠤᠭ ᠬᠡᠷᠡᠭᠯᠡᠭᠰᠡᠳ ᠤᠨ ᠤᠯᠠᠩᠭᠢ ᠨᠢ ᠵᠤᠷᠢᠯᠭ᠎ᠠ ᠲᠠᠢ ᠪᠠᠷ ᠢᠯᠡᠭᠦᠦ ᠬᠦᠳᠡᠯᠭᠡᠭᠡᠨ ᠬᠢᠬᠦ ᠶᠢ | ᠬᠦᠭᠡᠭᠡᠴᠡᠯᠳᠦᠵᠦ ᠪᠠᠶᠢᠭ᠎ᠠ ᠬᠦᠮᠦᠰ ᠪᠠᠶᠢᠵᠤ᠂ ᠵᠦᠪᠬᠡᠨ ᠡᠳᠡᠭᠡᠷ ᠬᠦᠮᠦᠰ ᠤᠨ ᠬᠦᠳᠡᠯᠭᠡᠭᠡᠨ ᠤ ᠬᠡᠮᠵᠢᠶ᠎ᠠ ᠪᠠᠷ ᠨᠢᠭᠡ ᠤᠯᠤᠰ ᠪᠤᠶᠤ ᠨᠢᠭᠡ ᠭᠠᠵᠠᠷ ᠤᠷᠤᠨ ᠤ | ᠬᠦᠳᠡᠯᠭᠡᠭᠡᠨ ᠤ ᠳᠠᠳᠬᠠᠯ ᠢ ᠤᠴᠢᠵᠤ ᠳᠤᠳᠤᠷᠬᠠᠶᠢᠯᠬᠤ ᠨᠢ ᠪᠤᠰᠤᠳᠴᠢ ᠪᠦᠬᠦ ᠳᠠᠯ᠎ᠠ ᠶᠢᠨ ᠬᠢ ᠪᠠᠶᠢᠵᠤ ᠳᠡᠶᠢᠯᠬᠦ ᠦᠭᠡᠢ᠃ ᠤᠳᠤ ᠶᠢᠨ ᠪᠤᠳᠠᠳᠤ ᠪᠠᠶᠢᠳᠠᠯ᠎ᠠ ᠠᠴᠠ | ᠠᠪᠴᠤ ᠦᠵᠡᠪᠡᠯ᠂ ᠮᠠᠨ ᠤ ᠳᠤᠮᠳᠠᠳᠤᠴᠤᠳ ᠳᠡᠭᠰᠢᠳᠭᠡᠭᠡᠳ ᠨᠢᠭᠡ ᠬᠦᠮᠦᠨ ᠤ ᠨᠢᠭᠡ ᠡᠳᠦᠷ ᠤᠨ ᠶᠠᠪᠠᠭᠠᠨ ᠠᠯᠬᠤᠭᠰᠠᠨ ᠳᠤᠭ᠎ᠠ ᠪᠠᠰᠠ 6000 ᠠᠯᠬᠤᠮ ᠳᠤ | ᠬᠦᠷᠦᠭᠡᠳᠦᠢ ᠪᠠᠶᠢᠬᠰᠠᠭᠠᠷ᠃ ᠨᠡᠩ ᠤᠯᠠᠨ ᠬᠦᠮᠦᠨ ᠳᠤ ᠠᠪᠴᠤ ᠬᠡᠯᠡᠪᠡᠯ ᠬᠦᠳᠡᠯᠭᠡᠭᠡᠨ ᠤ ᠬᠡᠮᠵᠢᠶ᠎ᠠ ᠪᠠᠨ ᠨᠡᠮᠡᠭᠳᠡᠭᠦᠯᠬᠦ ᠤᠷᠤᠨ ᠵᠠᠢ ᠶᠡᠭᠡ ᠪᠠᠶᠢᠬᠰᠠᠭᠠᠷ᠃ | ᠰᠲ᠋ᠠᠨᠹᠦᠷᠳ᠋ ᠤᠨ ᠰᠤᠳᠤᠯᠭᠠᠨ᠄ | 69 ᠬᠤᠳᠠ ᠶᠢᠨ ᠳᠤᠭ᠎ᠠ ᠪᠠᠷᠢᠮᠳᠠ ᠳᠤ ᠵᠠᠳᠠᠯᠤᠯᠳᠠ ᠬᠢᠭᠰᠡᠨ ᠰᠠᠭᠤᠷᠢᠨ ᠳᠡᠭᠡᠷ᠎ᠡ᠂ ᠰᠲ᠋ᠠᠨᠹᠦᠷᠲ ᠤᠨ ᠰᠤᠳᠤᠯᠭᠠᠳᠠᠳ᠂ ᠶᠠᠪᠠᠭᠠᠨ ᠠᠯᠬᠤᠬᠤ ᠳᠤ | ᠵᠤᠬᠢᠷᠠᠮᠵᠢᠳᠠᠢ ᠪᠠᠶᠢᠬᠤ ᠪᠠ ᠶᠠᠪᠠᠭᠠᠨ ᠶᠠᠪᠤᠬᠤ ᠳᠤ ᠳᠦᠭᠦᠮ ᠪᠠᠶᠢᠬᠤ ᠪᠠᠶᠢᠳᠠᠯ ᠨᠢ ᠰᠠᠭᠤᠭᠠᠯᠢ ᠠᠷᠠᠳ ᠤᠨ ᠡᠷᠡᠭᠦᠯ ᠮᠡᠨᠳᠦ ᠲᠠᠢ ᠨᠢᠬᠳᠠ ᠬᠤᠯᠪᠤᠭ᠎ᠠ ᠲᠠᠢ ᠭᠡᠳᠡᠭ | ᠦᠷ᠎ᠡ ᠳ᠋ᠦᠩ ᠤᠯᠤᠭᠰᠠᠨ ᠪᠠᠶᠢᠨ᠋᠎ᠠ᠃ ᠬᠡᠷᠪᠡ ᠨᠢᠭᠡ ᠬᠤᠳᠠ ᠶᠢᠨ ᠵᠢᠷᠤᠭ ᠳᠦᠯᠦᠪᠯᠡᠭᠡ ᠨᠢ ᠶᠠᠪᠠᠭᠠᠨ ᠶᠠᠪᠤᠭᠰᠠᠳ ᠲᠤ ᠨᠠᠶᠢᠷᠰᠠᠭ ᠪᠠᠶᠢᠪᠠᠯ᠂ ᠵᠢᠱᠢᠶᠡᠯᠡᠪᠡᠯ | ᠬᠦᠮᠦᠰ ᠤᠨ ᠳᠡᠯᠭᠡᠭᠦᠷ᠂ ᠭᠤᠸᠠᠩᠵᠠ᠂ ᠴᠡᠴᠡᠷᠯᠢᠭ ᠪᠠ ᠪᠤᠰᠤᠳ ᠶᠠᠮᠠᠷ ᠨᠢᠭᠡ ᠭᠠᠵᠠᠷ ᠲᠤ ᠤᠴᠢᠬᠤ ᠶᠠᠪᠠᠭᠠᠨ ᠵᠠᠮ ᠢ ᠳᠤᠩ ᠰᠠᠶᠢᠬᠠᠨ ᠪᠠᠶᠢᠭᠤᠯᠤᠭᠰᠠᠨ ᠪᠠᠶᠢᠵᠤ᠂ | ᠳᠤᠩ ᠳᠦᠭᠦᠮ᠂ ᠪᠡᠶ᠎ᠡ ᠳᠤ ᠳᠠᠭᠠᠳᠠᠢ ᠪᠠᠶᠢᠪᠠᠯ᠂ ᠡ᠊ᠨᠳᠡ ᠠᠮᠢᠳᠤᠷᠠᠵᠤ ᠪᠠᠶᠢᠭ᠎ᠠ ᠬᠦᠮᠦᠰ᠂ ᠡᠷᠡᠭᠳᠡᠢ ᠡᠮᠡᠭᠳᠡᠢ ᠬᠦᠭᠰᠢᠨ ᠵᠠᠯᠠᠭᠤ᠂ ᠳᠠᠷᠭᠤᠨ ᠡᠴᠡᠩᠭᠢ ᠴᠢᠬᠢᠷᠠᠭ | ᠪᠠᠭᠤᠷᠠᠢ ᠭᠡᠰᠡᠨ ᠦᠭᠡᠢ ᠪᠦᠷ ᠯᠡ ᠶᠠᠪᠠᠭᠠᠨ ᠶᠠᠪᠤᠬᠤ ᠳᠤ ᠳᠤᠷ᠎ᠠ ᠲᠠᠢ ᠪᠠᠶᠢᠬᠤ ᠪᠤᠯᠤᠨ᠋᠎ᠠ ᠭᠡᠵᠦ ᠰᠲ᠋ᠠᠨᠹᠦᠷᠲ ᠶᠡᠭᠡ ᠰᠤᠷᠭᠠᠭᠤᠯᠢ ᠶᠢᠨ ᠳ᠋ᠠᠶᠢᠲ᠋ᠠ ᠶᠢᠨ ᠰᠢᠨᠵᠢᠯᠡᠬᠦ | ᠤᠬᠠᠭᠠᠨ ᠤ ᠳᠦᠪ ᠤᠨ ᠡᠷᠭᠢᠯᠡᠭᠴᠢ ᠵᠧᠨᠢᠹ · ᠬᠠᠶᠢᠺᠰ ᠶᠠᠷᠢᠬᠰᠠᠨ ᠪᠠᠶᠢᠨ᠋᠎ᠠ᠃ | ᠯᠢ ᠰᠢᠶᠦ᠋ᠨ ︵ᠳᠤᠮᠳᠠᠳᠤ ᠤᠯᠤᠰ ᠤᠨ ᠬᠤᠳᠠ ᠶᠢᠨ ᠳᠦᠯᠦᠪᠵᠢᠭᠦᠯᠭᠡ ᠵᠢᠷᠤᠭ ᠳᠦᠯᠦᠪᠯᠡᠭᠡᠨ ᠤ ᠰᠤᠳᠤᠯᠭᠠᠨ ᠤ ᠬᠦᠷᠢᠶᠡᠯᠡᠩ ᠤᠨ ᠳᠡᠳ᠋ ᠳᠠᠷᠤᠭ᠎ᠠ︶ ᠤ | ᠵᠠᠳᠠᠯᠤᠯᠳᠠ᠄ ᠬᠤᠳᠠ ᠶᠢᠨ ᠳᠦᠯᠦᠪᠵᠢᠭᠦᠯᠭᠡ ᠳᠤ᠂ ᠶᠠᠪᠠᠭᠠᠨ ᠠᠯᠬᠤᠬᠤ ᠵᠠᠢ ᠶᠢᠨ ᠳᠠᠯ᠎ᠠ ᠪᠠᠷ ᠵᠢᠷᠤᠭ ᠳᠦᠯᠦᠪᠯᠡᠭᠡᠨ ᠤ ᠱᠠᠭᠠᠷᠳᠠᠯᠭ᠎ᠠ ᠲᠠᠢ ᠪᠠᠶᠢᠳᠠᠭ᠄ | ᠭᠡᠷ ᠠᠴᠠ ᠨᠢ ᠬᠠᠮᠤᠭ ᠤᠨ ᠤᠶᠢᠷᠠᠬᠠᠨ ᠨᠤᠭᠤᠭᠠᠷᠠᠭᠤᠯᠤᠭᠰᠠᠨ ᠭᠠᠵᠠᠷ᠂ ᠬᠠᠮ ᠳᠡᠯᠭᠡᠭᠦᠷ ᠵᠢᠴᠢ ᠪᠤᠰᠤᠳ ᠤᠯᠠᠨ ᠨᠡᠶᠢᠳᠡ ᠶᠢᠨ ᠦᠢᠯᠡᠴᠢᠯᠡᠭᠡᠨ ᠤ | ᠳᠦᠬᠦᠭᠡᠷᠦᠮᠵᠢ ᠳᠤ ᠬᠦᠷᠬᠦ ᠵᠠᠢ ᠶᠢ ᠪᠦᠷ 500 ᠮᠧᠳ᠋ᠷ ᠠᠴᠠ ᠳᠠᠪᠠᠭᠤᠯᠬᠤ ᠦᠭᠡᠢ ᠪᠠᠶᠢᠬᠤ ᠰᠠᠨᠠᠯ ᠵᠦᠪᠯᠡᠯᠭᠡᠨ ᠦᠭᠭᠦᠭᠰᠡᠨ ᠪᠠᠶᠢᠳᠠᠭ ᠪᠦᠭᠡᠳ ᠬᠠᠮᠤᠭ ᠤᠨ | ᠬᠤᠯᠠ ᠳᠠᠭᠠᠨ 1 ᠺᠢᠯᠦᠮᠧᠳ᠋ᠷ ᠠᠴᠠ ᠳᠠᠪᠠᠭᠤᠯᠬᠤ ᠦᠭᠡᠢ ᠪᠠᠶᠢᠬᠤ ᠭᠡᠷᠡᠭᠳᠡᠢ ᠭᠡᠵᠦ ᠱᠠᠭᠠᠷᠳᠠᠭᠰᠠᠨ ᠪᠠᠶᠢᠳᠠᠭ ᠠᠵᠢ᠃ ᠨᠠᠰᠤᠨ ᠳᠤ ᠬᠦᠷᠦᠭᠰᠡᠳ ᠤᠨ ᠨᠢᠭᠡ | ᠠᠯᠬᠤᠮ ᠨᠢ ᠪᠠᠷᠤᠭ 60 ~ 70 ᠰᠡᠨᠲ᠋ᠢᠮᠧᠳ᠋ᠷ ᠪᠠᠶᠢᠳᠠᠭ᠂ ᠭᠡᠷᠪᠡ ᠡᠳᠦᠷ ᠲᠤ ᠶᠠᠪᠠᠭᠠᠨ ᠢᠶᠠᠷ 6000 ᠠᠯᠬᠤᠮ ᠠᠯᠬᠤᠬᠤ ᠪᠠᠷ ᠪᠤᠳᠤᠪᠠᠯ᠂ ᠨᠢᠭᠡ ᠬᠦᠮᠦᠨ ᠨᠢᠭᠡ | ᠡᠳᠦᠷ ᠪᠠᠷᠤᠭ 3.6 ~ 4.2 ᠺᠢᠯᠦᠮᠧᠳ᠋ᠷ ᠠᠯᠬᠤᠨ᠋᠎ᠠ᠂ ᠭᠡᠷ ᠪᠤᠶᠤ ᠠᠯᠪᠠᠨ ᠭᠡᠷ ᠲᠡᠭᠡᠨ ᠨᠠᠰᠢ ᠴᠠᠰᠢ ᠠᠯᠬᠤᠬᠤ ᠮᠡᠳᠦ ᠶᠢᠨ ᠶᠠᠯᠢᠮ ᠦᠭᠡᠢ ᠶᠠᠪᠤᠵᠤ ᠰᠠᠭᠤᠬᠤ ᠶᠢ | ᠤᠷᠤᠭᠤᠯᠬᠤ ᠦᠭᠡᠢ ᠪᠠᠷ᠂ ᠨᠢᠭᠡ ᠬᠦᠮᠦᠨ ᠠᠵᠢᠯ ᠳᠠᠭᠠᠨ ᠶᠠᠪᠤᠭᠠᠳ ᠢᠷᠡᠳᠡᠯ᠎ᠠ ᠪᠠᠷᠤᠭ 2 ᠺᠢᠯᠦᠮᠧᠳ᠋ᠷ ᠬᠢᠷᠢ ᠶᠠᠪᠠᠭᠠᠨ ᠠᠯᠬᠤᠨ᠋᠎ᠠ᠃ ᠡᠳᠦ᠋ᠢᠭᠡᠨ ᠵᠠᠢ ᠳᠤ | ᠠᠯᠬᠤᠬᠤ ᠶᠢ ᠬᠡᠨ ᠴᠤ ᠦᠭᠡᠢ ᠭᠡᠬᠦ ᠦᠭᠡᠢ᠂ ᠳᠡᠷᠡ ᠨᠢ ᠳᠡᠭᠡᠭᠡᠳ ᠤᠳᠤᠬᠠᠨ ᠤ ᠮᠠᠨ ᠤ ᠤᠯᠤᠰ ᠤᠨ ᠱᠠᠭᠠᠷᠳᠠᠵᠤ ᠪᠠᠶᠢᠭ᠎ᠠ ᠬᠤᠳᠠ ᠶᠢᠨ ᠬᠦᠮᠦᠰ ᠤᠨ ᠶᠠᠪᠠᠭᠠᠨ | ᠠᠯᠬᠤᠬᠤ ᠵᠠᠢ ᠲᠠᠢ ᠴᠤ ᠨᠡᠶᠢᠴᠡᠵᠦ ᠪᠠᠶᠢᠭ᠎ᠠ ᠶᠤᠮ᠃ | ᠤᠬᠢ ᠰᠠᠶᠢᠨ ᠶᠠᠪᠠᠭᠠᠨ ᠠᠯᠬᠤᠬᠤ ᠤᠷᠴᠢᠨ ᠳᠤᠭᠤᠷᠢᠨ ᠨᠢ ᠮᠠᠰᠢᠨ ᠳᠡᠷᠭᠡᠨ ᠤ ᠦᠢᠮᠡᠭᠡᠨ ᠪᠠᠶᠢᠬᠤ ᠡᠰᠡᠬᠦ᠂ ᠠᠭᠠᠷ ᠮᠠᠨᠳᠠᠯ ᠤᠨ ᠤᠷᠴᠢᠨ ᠳᠤᠭᠤᠷᠢᠨ ᠨᠢ ᠬᠢᠷᠢ | ᠵᠡᠷᠭᠡ ᠪᠠᠶᠢᠬᠤ᠂ ᠵᠠᠮ ᠳᠠᠭᠠᠤ ᠳᠤᠨᠢ ᠭᠤᠤᠯ ᠤᠰᠤ ᠪᠤᠶᠤ ᠴᠡᠴᠡᠷᠯᠢᠭ ᠨᠤᠭᠤᠭᠠᠷᠠᠭᠤᠯᠤᠯᠳᠠ ᠪᠠᠶᠢᠬᠤ ᠡᠰᠡᠬᠦ ᠲᠠᠢ ᠴᠤ ᠬᠤᠯᠪᠤᠭ᠎ᠠ ᠲᠠᠢ᠃ ᠪᠤᠬᠢᠷᠳᠤᠯ ᠦᠭᠡᠢ | ᠶᠠᠪᠠᠭᠠᠨ ᠵᠠᠮ ᠢ ᠪᠦᠲᠦᠭᠡᠨ ᠪᠠᠶᠢᠭᠤᠯᠬᠤ ᠳᠠᠯ᠎ᠠ ᠪᠠᠷ᠂ ᠮᠠᠨ ᠤ ᠤᠯᠤᠰ ᠲᠤ ᠭᠤᠸᠠᠩᠳᠦ᠋ᠩ ᠮᠤᠵᠢ ᠡᠯ᠎ᠠ ᠮᠤᠵᠢ ᠬᠤᠳᠠ ᠤᠷᠤᠨ ᠤ ᠳᠤᠳᠤᠷ᠎ᠠ ᠪᠠᠨ ᠳᠦᠷᠦᠭᠦᠯᠡᠵᠦ | ᠪᠠᠶᠢᠳᠠᠭ᠃ ᠤᠳᠤᠬᠠᠨ ᠳᠤ᠂ ᠵᠧᠵᠢᠶᠠᠩ᠂ ᠵᠢᠶᠠᠩᠰᠦ ᠵᠡᠷᠭᠡ ᠮᠤᠵᠢ ᠬᠤᠳᠠ ᠴᠤ ᠬᠤᠳᠠ ᠶᠢᠨ ᠪᠤᠬᠢᠷᠳᠤᠯ ᠦᠭᠡᠢ ᠶᠠᠪᠠᠭᠠᠨ ᠵᠠᠮ ᠢ ᠪᠦᠲᠦᠭᠡᠨ ᠪᠠᠶᠢᠭᠤᠯᠵᠤ | ᠡᠭᠢᠯᠡᠭᠡᠳ ᠪᠠᠶᠢᠨ᠋᠎ᠠ᠃ ᠵᠦᠪᠬᠡᠨ ᠤᠬᠢ ᠰᠠᠶᠢᠨ ᠶᠠᠪᠠᠭᠠᠨ ᠠᠯᠬᠤᠬᠤ ᠤᠷᠴᠢᠨ ᠳᠤᠭᠤᠷᠢᠨ ᠢ ᠪᠠᠶᠢᠭᠤᠯᠵᠤ ᠦᠭᠪᠡᠯ ᠰᠠᠶ᠋ᠢ ᠬᠦᠮᠦᠨ ᠠᠷᠠᠳ ᠢᠶᠠᠨ ᠤᠯᠠᠮ ᠢᠯᠡᠭᠦᠦ᠂ | ᠤᠯᠠᠮ ᠡᠷᠡᠭᠦᠯ ᠰᠠᠷᠠᠭᠤᠯ ᠢᠶᠠᠷ ᠶᠠᠪᠠᠭᠠᠨ ᠠᠯᠬᠤᠵᠤ ᠪᠡᠶ᠎ᠡ ᠪᠠᠨ ᠪᠤᠯᠪᠠᠰᠤᠷᠠᠭᠤᠯᠬᠤ ᠶᠢ ᠵᠤᠷᠢᠬᠵᠢᠭᠤᠯᠵᠤ ᠳᠡᠳᠭᠦᠵᠦ ᠳᠡᠶᠢᠯᠦᠨ᠋ᠠ᠃ ︵︽ᠦᠪᠦᠷ ᠮᠤᠩᠭᠤᠯ ᠤᠨ | ᠡᠳᠦᠷ ᠤᠨ ᠰᠤᠨᠢᠨ︾ ᠠᠴᠠ ᠰᠢᠯᠵᠢᠬᠦᠯᠪᠡ︶ |