ᠵᠦᠩ ᠪᠢᠯᠢᠭ ᠤᠨ ᠭᠡᠭᠡᠨ ᠲᠡᠭᠷᠢ
ᠨᠡᠶᠢᠲᠡᠯᠡᠭᠰᠡᠨ ᠴᠠᠭ᠄
2025/6/23
    ᠨᠤᠲᠤᠭ ᠬᠡᠮᠡᠵᠦ ᠵᠠᠯᠠᠭᠤ ᠪᠠᠭ᠎ᠠ ᠳᠠᠭᠠᠨ ᠰᠠᠯᠵᠤ ᠶᠠᠪᠤᠬᠤ ᠶᠢ ᠬᠦᠰᠡᠬᠦ ᠠᠲᠠᠯ᠎ᠠ ᠬᠥᠭᠰᠢᠷᠡᠪᠡᠯ ᠬᠦᠷᠴᠦ ᠣᠴᠢᠬᠤ ᠪᠠᠷ ᠮᠥᠷᠥᠭᠡᠳᠳᠡᠭ ᠭᠠᠵᠠᠷ ᠪᠢᠯᠡ᠃ ᠡᠨᠡ ᠬᠦ ᠵᠢᠷᠤᠮ ᠢ ᠮᠥᠷᠳᠡᠵᠦ ᠥᠨᠥᠳᠥᠷ ᠪᠢ ᠬᠡᠳᠦᠨ ᠵᠠᠭᠤᠨ ᠭᠠᠵᠠᠷ ᠤᠨ ᠵᠠᠮ ᠢ ᠡᠪᠬᠡᠵᠦ ᠠᠮᠠᠷᠠᠭ ᠬᠠᠨᠢ᠂ ᠬᠡᠦᠬᠡᠳ ᠰᠢᠤᠬᠠᠳ ᠲᠠᠢ ᠪᠠᠨ ᠨᠤᠲᠤᠭ ᠢᠶᠠᠨ ᠡᠷᠭᠢᠵᠦ ᠨᠠᠭᠠᠴᠤ ᠡᠮᠡᠭᠡ ᠶᠢᠨ ᠬᠢ ᠪᠠᠷ ᠢᠶᠠᠨ ︽ᠣᠷᠣᠭᠠᠳ ᠭᠠᠷᠬᠤ︾ ᠭᠡᠵᠦ ᠵᠣᠷᠢᠵᠤ ᠶᠠᠪᠤᠨ᠎ᠠ᠃ ᠨᠤᠲᠤᠭ ᠤᠨ ᠪᠠᠷ᠎ᠠ ᠣᠶᠢᠷᠠᠳᠬᠤ ᠳᠤ ︽ᠭᠠᠵᠠᠷ ᠤᠨ ᠲᠠᠮᠠᠭ᠎ᠠ︾ ᠪᠣᠯᠵᠤ ᠬᠤᠴᠣᠷᠤᠭᠰᠠᠨ ᠮᠣᠩᠭᠤᠯ ᠭᠡᠷ ᠤᠨ ᠪᠠᠭᠤᠷᠢ᠂ ᠨᠠᠭᠠᠳᠴᠤ ᠥᠰᠦᠭᠰᠡᠨ ᠵᠢᠵᠢᠭ ᠠᠯᠠᠭ ᠴᠢᠯᠠᠭᠤᠳ ᠪᠠ ᠰᠢᠯ ᠱᠠᠭᠠᠵᠠᠩ ᠤᠨ ᠬᠠᠭᠠᠷᠬᠠᠢ ᠨᠤᠭᠤᠳ ᠨᠠᠷᠠᠨ ᠤ ᠭᠡᠷᠡᠯ ᠳᠤ ᠭᠢᠯᠲᠠᠭᠠᠨᠠᠨ ᠬᠠᠷᠠᠭᠳᠠᠨ᠎ᠠ᠃ ᠲᠡᠮᠡᠭᠡᠨ ᠤᠶᠠᠭᠠᠨ ᠤ ᠡᠮᠦᠨᠡᠭᠦᠷᠬᠢ ᠵᠥᠷᠢᠭ ᠤᠨ ᠬᠠᠵᠠᠭᠤ ᠪᠠᠷ ᠴᠥᠷᠬᠡᠯᠡᠭᠰᠡᠨ ᠮᠡᠲᠦ ᠵᠢᠭᠰᠠᠭᠠᠨ ᠬᠥᠮᠥᠷᠢᠭᠰᠡᠨ ᠲᠣᠮᠣᠬᠠᠨ ᠴᠠᠭᠠᠨ ᠸᠠᠭᠠᠷ ᠤᠳ ᠣᠷᠣᠨ ᠳᠠᠭᠠᠨ ᠵᠢᠭᠳᠡᠷᠡᠬᠦ ᠨᠢ ᠨᠢᠳᠦᠨ ᠳᠤ ᠡᠭᠡᠯᠢᠲᠡᠢ ᠲᠤᠰᠴᠤ ᠤᠯᠠᠨ ᠶᠠᠭᠤᠮ᠎ᠠ ᠪᠤᠳᠤᠬᠳᠠᠭᠤᠯᠬᠤ ᠶᠤᠮ᠃     ᠬᠠᠷ᠎ᠠ ᠪᠠᠭ᠎ᠠ ᠠᠴᠠ ᠪᠠᠨ ᠨᠠᠭᠠᠴᠤ ᠡᠮᠡᠭᠡ ᠶᠢᠨ ᠢᠶᠠᠨ ᠳᠡᠷᠭᠡᠳᠡ ᠥᠰᠦᠭᠰᠡᠨ ᠪᠢ ᠠᠵᠢᠯ ᠤᠨ ᠭᠠᠷᠤᠭ᠎ᠠ ᠡᠯᠭᠦᠭᠰᠡᠨ ᠠᠴᠠ ᠬᠤᠶᠢᠰᠢ ᠵᠢᠯ ᠳᠤ ᠨᠢᠭᠡ ᠬᠤᠶᠠᠷ ᠤᠳᠠᠭ᠎ᠠ ᠨᠠᠭᠠᠴᠤ ᠡᠮᠡᠭᠡ ᠪᠠᠨ ᠡᠷᠭᠢᠵᠦ ᠦᠵᠡᠳᠡᠭ᠃ ᠨᠠᠮᠠᠶᠢ ᠬᠦᠷᠴᠦ ᠣᠴᠢᠬᠤ ᠪᠣᠯᠭᠠᠨ᠄ ︽ᠴᠢ ᠮᠢᠨᠢ ᠭᠦᠷᠦᠭᠡᠳ ᠢᠷᠡᠪᠡ ᠦᠦ︖ ᠮᠢᠨᠤ ᠨᠠᠷᠨ ᠭᠠᠷᠬᠤ ᠰᠢᠭ᠋ ᠪᠣᠯᠣᠯ᠎ᠠ ᠁︾ ᠭᠡᠵᠦ ᠮᠣᠩᠭᠤᠯ ᠭᠡᠷ ᠤᠨ ᠢᠶᠠᠨ ᠵᠡᠭᠦᠨ ᠲᠠᠯ᠎ᠠ ᠳᠤ ᠵᠠᠪᠢᠯᠠᠨ ᠰᠠᠭᠤᠵᠤ ᠮᠦᠰᠢᠶᠡᠨ ᠢᠨᠢᠶᠡᠴᠢᠬᠡᠭᠰᠡᠨ ᠨᠠᠭᠠᠴᠤ ᠡᠮᠡᠭᠡ ᠶᠢᠨ ᠮᠢᠨᠢ ᠳᠦᠷᠢ ᠰᠡᠳᠬᠢᠯ ᠵᠢᠷᠦᠬᠡᠨ ᠳᠤ ᠱᠤᠭᠤᠮᠠᠯ ᠭᠦᠷᠦᠭ ᠰᠢᠭ ᠬᠠᠳᠠᠩᠰᠢᠭᠰᠠᠨ ᠶᠤᠮ᠃     - ᠲᠠᠨᠠᠷ ᠰᠠᠶᠢᠨ ᠶᠠᠪᠤᠭᠠᠳ ᠢᠷᠡᠪᠡ ᠦᠦ︖     - ᠠᠵᠢᠯ ᠦᠢᠯᠡᠰ ᠴᠢᠨᠢ ᠶᠠᠭᠠᠷᠠᠤ ᠦᠦ︖     - ᠲᠠᠨ ᠤ ᠬᠤᠳᠠ ᠳᠤ ᠰᠣᠨᠢᠨ ᠰᠠᠶᠢᠬᠠᠨ ᠶᠠᠭᠤ ᠪᠠᠶᠢᠨ᠎ᠠ︖     - ᠲᠡᠭᠷᠢ ᠠᠭᠠᠷ ᠬᠦᠢᠲᠡᠨ ᠤᠤ︖ ᠴᠠᠰᠤ ᠮᠥᠰᠥ ᠶᠡᠬᠡᠲᠡᠢ ᠤᠤ︖     - ᠬᠡᠦᠬᠡᠨ ᠴᠢᠨᠢ ᠶᠠᠭᠠᠬᠢᠭᠰᠠᠨ ᠰᠦᠷᠡᠬᠡᠢ ᠥᠰᠦᠭᠰᠡᠨ ᠪᠤᠢ᠂ ᠳᠡᠭᠡᠷ᠎ᠡ ᠤᠳᠠᠭ᠎ᠠ ᠢᠷᠡᠬᠦ ᠳᠤ ᠥᠯᠥᠭᠡᠢ ᠲᠠᠢ ᠪᠠᠶᠢᠭᠰᠠᠨ ᠰᠢᠭ᠋ ᠪᠢᠯᠡ ᠤᠤ᠂ ᠠᠷᠭ᠎ᠠ ᠴᠤ ᠦᠭᠡᠢ ᠶᠤᠮ ᠳ᠋ᠠ᠂ ᠪᠢ ᠥᠲᠡᠯᠦᠭᠡᠳ ᠶᠠᠪᠤᠵᠤ ᠰᠠᠭᠤᠬᠤ ᠳᠠᠭᠠᠨ ᠲᠦᠭᠦᠮ ᠦᠭᠡᠢ ᠪᠣᠯᠵᠤ᠂ ᠮᠣᠩᠭᠤᠯ ᠭᠡᠷ ᠲᠡᠭᠡᠨ ᠰᠢᠷᠭᠤᠭᠠᠳ ᠢᠴᠡᠭᠡᠯᠡᠭᠰᠡᠨ ᠶᠤᠮ ᠰᠢᠭ᠋ ᠪᠣᠯᠤᠭᠰᠠᠨ ᠠᠮᠢᠳᠠᠨ᠃     - ᠶᠠᠭᠤ ᠬᠦᠰᠡᠪᠡᠯ ᠲᠡᠭᠦᠨ ᠢ ᠪᠡᠶᠡᠯᠡᠭᠦᠯᠦᠭᠡᠳ ᠦᠭᠳᠡᠭ ᠮᠥᠩᠬᠡ ᠶᠢᠨ ᠷᠠᠰᠢᠶᠠᠨ ᠢᠶᠠᠷ ᠤᠮᠳᠠᠯᠠᠵᠤ᠂ ᠲᠠᠪᠤᠨ ᠲᠠᠩᠰᠤᠭ ᠲᠠᠷᠢᠶ᠎ᠠ ᠪᠠᠷ ᠬᠤᠭᠤᠯᠠᠯᠠᠵᠤ᠂ ᠬᠥᠪᠥᠩ ᠡᠭᠦᠯᠡ ᠪᠠᠷ ᠳᠡᠪᠢᠰᠬᠡᠷ ᠵᠤᠯᠠᠵᠤ᠂ ᠬᠥᠬᠡ ᠲᠡᠭᠷᠢ ᠪᠠᠷ ᠭᠦᠨᠵᠢᠯᠨ ᠬᠢᠵᠦ᠂ ᠨᠠᠷᠠᠨ ᠳᠤ ᠡᠭᠡᠭᠡᠨ᠂ ᠰᠠᠷᠠᠨ ᠳᠤ ᠵᠤᠭᠠᠴᠠᠨ ᠨᠤᠲᠤᠭ ᠢᠶᠠᠨ ᠰᠠᠬᠢᠬᠤ ᠳᠡᠭᠡᠳᠦ ᠶᠢᠨ ᠵᠢᠷᠭᠠᠯ ᠡᠳ᠋ᠯᠡᠬᠦ‍ ᠰᠢᠭ ᠶᠡᠭᠡ ᠵᠠᠶᠠᠭ᠎ᠠ ᠠᠴᠠ ᠥᠭᠡᠷ᠎ᠡ ᠶᠠᠭᠤ ᠪᠠᠶᠢᠬᠤ ᠪᠢᠯᠡ︖     - ᠲᠠᠨᠠᠷ ᠢ ᠬᠡᠵᠢᠶ᠎ᠡ ᠢᠷᠡᠬᠦ ᠪᠣᠯ ᠠ᠋ ᠭᠡᠵᠦ ᠰᠠᠨᠠᠵᠤ ᠰᠠᠭᠤᠭᠰᠠᠨ ᠳ᠋ᠠ᠃ ᠢᠮᠠᠭᠠᠨ ᠤ ᠰᠢᠷ᠎ᠠ ᠲᠣᠰᠣ᠂ ᠥᠷᠥᠮ᠎ᠡ ᠬᠤᠷᠤᠳ᠂ ᠪᠤᠷᠠᠮ ᠰᠢᠬᠢᠷ ᠲᠠᠢ ᠨᠤᠬᠤᠭᠠᠳ ᠢᠳᠡᠬᠦ ᠨᠢ ᠨᠠᠳᠠ ᠳᠠᠭᠠᠨ ᠵᠢᠷᠭᠠᠯ ᠰᠢᠤ ᠭᠡᠵᠦ ᠤᠳᠠᠭ᠎ᠠ ᠪᠦᠷᠢ ᠶᠠᠷᠢᠳᠠᠭ ᠦᠭᠡ ᠨᠢ ᠣᠯᠠᠨ ᠵᠢᠯ ᠤᠨ ᠲᠡᠷᠲᠡᠭᠡ ᠠᠴᠠ ᠴᠢᠬᠢᠨ ᠳᠤ ᠪᠤᠰᠤ ᠴᠡᠭᠡᠵᠢᠨ ᠤ ᠭᠦᠨ ᠠᠴᠠ ᠳᠣᠭᠤᠯᠳᠠᠬᠤ ᠮᠡᠲᠦ᠃ ᠨᠠᠭᠠᠴᠤ ᠡᠮᠡᠭᠡ ᠶᠢᠨ ᠢᠶᠠᠨ ᠢᠩᠭᠢᠵᠦ ᠶᠠᠷᠢᠵᠤ ᠪᠠᠶᠢᠭᠰᠠᠨ ᠢ ᠬᠠᠮᠢᠭ᠎ᠠ ᠨᠢᠭᠡᠨ ᠵᠦᠭ ᠠᠴᠠ ᠰᠡᠪᠢᠯᠵᠡᠬᠦ ᠰᠠᠯᠬᠢᠨ ᠤ ᠦᠵᠦᠭᠦᠷ ᠢ ᠠᠨᠢᠷᠯᠠᠨ ᠴᠢᠩᠨᠠᠵᠤ ᠵᠣᠭᠰᠣᠨᠠᠮ᠃     ᠨᠠᠭᠠᠴᠤ ᠡᠮᠡᠭᠡ ᠮᠢᠨᠢ ᠪᠢᠳᠠᠨ ᠢ ᠢᠷᠡᠭᠡᠳ ᠶᠠᠪᠤᠬᠤᠯᠠᠷ ᠮᠥᠷ ᠢ ᠨᠢ ᠦᠯᠡᠳᠡᠭᠡᠶ᠎ᠡ ᠬᠡᠮᠡᠨ ᠪᠡᠯᠭᠡᠰᠢᠶᠡᠵᠦ᠂ ᠢᠷᠡᠵᠦ ᠪᠤᠴᠠᠭᠰᠠᠨ ᠮᠥᠷ ᠳᠡᠭᠡᠷ᠎ᠡ ᠲᠣᠮᠣ ᠴᠠᠭᠠᠨ ᠸᠠᠭᠠᠷ ᠤᠳ ᠢ ᠬᠥᠮᠥᠷᠢᠨ ᠲᠠᠯᠪᠢᠵᠤ ︽ᠬᠠᠳᠠᠭᠠᠯᠠᠳᠠᠭ︾ ᠪᠠᠶᠢᠭᠰᠠᠨ ᠰᠠᠨ᠃ ᠠᠷᠪᠠ ᠬᠤᠷᠢᠨ ᠵᠢᠯ ᠥᠩᠭᠡᠷᠡᠭᠰᠡᠨ ᠠᠲᠠᠯ᠎ᠠ ᠲᠡᠳᠡᠭᠡᠷ ᠭᠦᠮᠤᠷᠢᠭᠡᠲᠠᠢ ᠸᠠᠭᠠᠷ ᠤᠨ ᠳᠣᠣᠷ᠎ᠠ ᠬᠠᠳᠠᠭᠠᠯᠠᠭᠳᠠᠭᠰᠠᠨ ᠮᠥᠷ ᠨᠢ ᠰᠢᠪ ᠰᠢᠨᠡᠬᠡᠨ᠂ ᠬᠠᠪ ᠬᠠᠯᠠᠭᠤᠨ ᠬᠡᠪ ᠢᠶᠠᠷ ᠢᠶᠠᠨ ᠪᠠᠶᠢᠬᠤ ᠨᠢ ᠦᠨᠡᠬᠡᠷ ᠭᠠᠶᠢᠬᠠᠯᠲᠠᠢ᠃ ᠡᠨᠡ ᠮᠥᠷ ᠤᠳ ᠣᠨ ᠵᠢᠯ ᠤᠨ ᠨᠤᠭᠤᠴᠢᠭᠠᠨ ᠳᠤ ᠠᠷᠴᠢᠭᠳᠠᠵᠤ ᠠᠷᠢᠯᠤᠯ ᠦᠭᠡᠢ ᠮᠥᠩᠬᠡ ᠲᠠᠮᠠᠭᠠᠯᠠᠭᠳᠠᠵᠤ ᠦᠯᠡᠳᠡᠭᠰᠡᠨ ᠨᠢ ᠨᠡᠬᠡᠷᠡᠨ ᠭᠠᠶᠢᠬᠠᠮᠰᠢᠭ ᠭᠡᠵᠦ ᠬᠡᠯᠡᠬᠦ ᠠᠴᠠ ᠥᠭᠡᠷ᠎ᠡ ᠠᠷᠭ᠎ᠠ ᠦᠭᠡᠢ᠃ ᠬᠡᠵᠢᠶ᠎ᠡ ᠴᠦ ᠦᠯᠦ ᠪᠠᠯᠠᠷᠠᠬᠤ ᠲᠡᠦᠬᠡ ᠪᠣᠯᠣᠨ ᠤᠳᠬ᠎ᠠ ᠭᠦᠨᠵᠡᠭᠡᠢ ᠳᠤᠷᠠᠰᠬᠠᠯ ᠪᠣᠯᠵᠤ ᠳᠤᠷᠠᠶᠢᠵᠤ ᠦᠯᠡᠳᠡᠭᠰᠡᠨ ᠪᠠᠶᠢᠨᠠᠮ᠃     - ᠪᠢ ᠴᠤ ᠶᠠᠭᠠᠬᠢᠬᠤ ᠪᠤᠢ᠂ ᠬᠥᠭᠰᠢᠨ ᠢᠮᠠᠭᠠᠨ ᠤ ᠨᠠᠰᠤ ᠦᠭᠡᠢ ᠪᠣᠯᠤᠭᠰᠠᠨ ᠬᠥᠮᠥᠨ᠃ ᠡᠭᠦᠪᠡᠷ ᠥᠩᠭᠡᠷᠡᠭᠡᠳ ᠶᠠᠪᠤᠳᠠᠭ ᠬᠥᠮᠥᠨ ᠬᠠᠷ᠎ᠠ ᠶᠢᠨ ᠪᠡᠷ᠎ᠡ ᠴᠦ ᠲᠠᠰᠤᠷᠠᠬᠰᠠᠨ᠃ ᠲᠠᠨᠣᠰ ᠢ ᠬᠠᠷᠠᠭᠠᠳ ᠮᠠᠰᠢ ᠪᠠᠶᠠᠷᠯᠠᠳᠠᠭ ᠰᠢᠦ᠃ ᠦᠷᠭᠦᠯᠵᠢ ᠢᠷᠡᠵᠤ ᠪᠠᠶᠢᠭᠠᠷᠠᠢ︕ ᠭᠡᠵᠦ ᠬᠦᠰᠡᠨ ᠰᠠᠨᠠᠵᠤ᠂ ᠢᠷᠡᠵᠦ ᠶᠠᠪᠤᠭᠰᠠᠨ ᠮᠥᠷ ᠢ ᠲᠠᠨᠢ ︽ᠬᠠᠳᠠᠭᠠᠯᠠᠵᠤ︾ ᠲᠠᠯᠪᠢᠭᠰᠠᠨ ᠨᠢ ᠡᠨᠡ ᠰᠢᠦ ᠭᠡᠵᠦ ᠬᠥᠮᠥᠷᠢᠭᠰᠡᠨ ᠸᠠᠭᠠᠷ ᠢ ᠵᠢᠭᠠᠵᠤ ᠬᠡᠯᠡᠳᠡᠭ ᠪᠠᠶᠢᠭᠰᠠᠨ ᠨᠢ ᠴᠢᠬᠢᠨ ᠳᠤ ᠲᠣᠳᠣ ᠰᠣᠨᠣᠰᠳᠠᠨ᠎ᠠ᠃     - ᠮᠥᠷ ᠨᠢ ᠪᠠᠯᠠᠷᠠᠬᠤ ᠦᠭᠡᠢ ᠴᠠᠭ ᠲᠤ ᠵᠠᠮ ᠨᠢ ᠡᠭᠦᠷᠢᠳᠡ ᠵᠤᠷᠠᠶᠢᠳᠠᠭ ᠶᠣᠰᠣ ᠭᠡᠨᠡᠮ᠃ ᠵᠠᠮ ᠲᠠᠢ ᠪᠠᠶᠢᠭᠰᠠᠨ ᠴᠠᠭ ᠲᠤ ᠲᠠᠨᠠᠷ ᠮᠢᠨᠢ ᠦᠷᠭᠦᠯᠵᠢ ᠨᠠᠭᠠᠰᠢ ᠴᠠᠭᠠᠰᠢ ᠢᠷᠡᠵᠦ ᠪᠤᠴᠠᠬᠤ ᠨᠢ ᠮᠡᠳᠡᠭᠡᠵᠢ᠃ ᠨᠠᠰᠤ ᠶᠠᠪᠤᠭᠰᠠᠨ ᠪᠢ ᠴᠦ ᠰᠦᠨᠡᠰᠦ ᠪᠠᠨ ᠰᠠᠬᠢᠭᠠᠳ ᠠᠳᠠ ᠤᠷᠭᠤᠭ᠎ᠠ ᠬᠠᠳᠠ ᠰᠢᠭ᠋ ᠰᠠᠭᠤᠬᠤ ᠠᠴᠠ ᠥᠭᠡᠷ᠎ᠡ ᠠᠷᠭ᠎ᠠ ᠠᠯᠠᠭ᠎ᠠ᠃ ︽ᠦᠬᠦᠲᠡᠯ᠎ᠡ ᠣᠷᠣᠰᠢᠬᠤ ᠮᠥᠩᠬᠡ ᠶᠢᠨ ᠣᠷᠣᠨ︾ ᠳᠠᠭᠠᠨ ᠦᠶ᠎ᠡ ᠶᠢᠨ ᠦᠶ᠎ᠡ ᠳᠤ ᠨᠤᠲᠤᠭᠰᠢᠨ ᠰᠠᠭᠤᠭᠴᠢ ᠠᠴᠠ ᠬᠠᠮᠤᠭ ᠰᠡᠭᠦᠯᠴᠢ ᠶᠢᠨ ᠬᠢᠨᠢ ᠠᠷᠠᠢ ᠪᠢ ᠪᠢᠰᠢ ᠪᠠᠶᠢᠭᠠᠰᠠᠢ ᠭᠡᠵᠦ ᠰᠠᠨᠠᠭ᠎ᠠ ᠵᠣᠪᠠᠨᠢᠩᠭᠤᠢ ᠬᠡᠯᠡᠳᠡᠭ ᠨᠢ ᠴᠠᠭᠠᠨ᠎ᠠ ᠪᠠᠨ ᠶᠡᠭᠡ ᠤᠴᠢᠷᠲᠠᠢ᠃     - ᠡᠨᠡ ᠶᠡᠭᠡ ᠭᠤᠪᠢ ᠶᠢᠨ ᠭᠦᠨ᠂ ᠭᠠᠵᠠᠷ ᠤᠨ ᠵᠠᠬ᠎ᠠ ᠳᠤ ᠬᠥᠮᠥᠨ ᠠᠮᠢᠲᠠᠨ ᠵᠢᠯ ᠲᠣᠲᠣᠮ ᠴᠥᠭᠡᠷᠡᠵᠦ ᠪᠠᠶᠢᠨ᠎ᠠ᠃ ᠬᠢᠵᠠᠭᠠᠷ ᠨᠤᠲᠤᠭ ᠢᠶᠠᠨ ᠰᠠᠬᠢᠵᠤ ᠰᠠᠭᠤᠭᠰᠠᠨ ᠮᠢᠨᠤ ᠦᠶ᠎ᠡ ᠶᠢᠨ ᠬᠥᠬᠡ ᠡᠪᠦᠭᠡᠳ ᠰᠢᠷ᠎ᠠ ᠡᠮᠡᠭᠡᠳ ᠶᠢᠷᠲᠢᠨᠴᠦ ᠶᠢᠨ ᠵᠢᠮ᠎ᠡ ᠪᠠᠷ ᠬᠠᠰᠤᠭᠳᠠᠵᠤ ᠯᠠ ᠪᠠᠶᠢᠨ᠎ᠠ᠃ ᠬᠡᠦᠬᠡᠳ ᠵᠠᠯᠠᠭᠤᠴᠤᠳ ᠶᠠᠭᠠᠬᠢᠭᠠᠳ ᠶᠤᠮ ᠪᠤᠣ ᠮᠡᠳᠡ᠂ ᠡᠨᠡ ᠡᠵᠡᠭᠦᠢ ᠬᠥᠨᠳᠡᠢ ᠳᠤ ᠲᠣᠭᠲᠠᠵᠤ ᠴᠢᠳᠠᠬᠤ ᠪᠠᠨ ᠪᠣᠯᠢᠵᠠᠢ᠃ ᠬᠠᠶ᠋ᠨ ᠦᠵᠡᠭᠳᠡᠬᠦ ᠵᠡᠭᠡᠷ᠎ᠡ ᠭᠥᠷᠥᠭᠡᠰᠦ ᠠᠴᠠ ᠥᠭᠡᠷ᠎ᠡ ᠨᠢᠳᠦᠨ ᠳᠤ ᠲᠣᠷᠬᠤ ᠠᠮᠢ ᠲᠠᠢ ᠶᠠᠭᠤᠮ᠎ᠠ ᠭᠡᠵᠦ ᠠᠯᠠᠭ᠎ᠠ ᠪᠣᠯᠵᠤ ᠪᠠᠶᠢᠭ᠎ᠠ ᠪᠣᠯᠬᠤᠷ ᠶᠠᠭᠤ ᠭᠡᠵᠦ ᠠᠳᠡ ᠰᠠᠭᠤᠬᠤ ᠪᠤᠢ ᠳ᠋ᠡ᠂ ᠬᠥᠭᠡᠷᠦᠬᠦ᠋ᠢᠰ᠃ ᠬᠤᠳᠠ ᠰᠠᠭᠤᠷᠢᠨ ᠤᠷᠤᠭᠤ ᠨᠡᠭᠦᠵᠦ ᠯᠡ ᠲᠠᠭᠠᠷᠠᠨ᠎ᠠ᠃ ᠲᠡᠭᠡᠯ᠎ᠡ ᠭᠡᠳ ᠲᠠᠨᠠᠷ ᠤᠨ ᠴᠢᠰᠤᠨ ᠳᠣᠲᠣᠷ᠎ᠠ ᠪᠢᠳᠠᠨ ᠤ ᠬᠠᠯᠠᠭᠤᠨ ᠴᠢᠰᠤ ᠤᠷᠤᠰᠴᠤ ᠪᠠᠶᠢᠳᠠᠭ ᠤᠨ ᠤᠴᠢᠷ ᠡᠨᠡ ᠨᠤᠲᠤᠭ ᠤᠨ ᠬᠥᠬᠡ ᠭᠠᠯ ᠥᠨᠢᠳᠡ ᠲᠠᠨᠠᠷ ᠤᠨ ᠬᠢ ᠭᠡᠳᠡᠭ ᠲᠤ ᠪᠢ ᠡᠷᠡᠭᠡᠯᠵᠡᠬᠦ ᠦᠭᠡᠢ ᠪᠠᠶᠢᠨ᠎ᠠ᠃ ᠲᠠᠨᠠᠷ ᠪᠠᠶᠢᠭ᠎ᠠ ᠪᠣᠯᠬᠤᠷ ᠨᠤᠲᠤᠭ ᠤᠰᠤ ᠮᠢᠨᠢ ᠬᠡᠵᠢᠶᠡᠳᠡ ᠬᠤᠭᠤᠰᠤᠷᠠᠬᠤ ᠦᠭᠡᠢ︕ ᠭᠡᠵᠦ ᠢᠲᠡᠭᠡᠯ ᠳᠦᠭᠦᠷᠡᠩ ᠬᠡᠯᠡᠭᠰᠡᠨ ᠦᠭᠡ ᠨᠢ ᠰᠠᠶ᠋ᠢᠬᠠᠨ ᠶᠤᠮ ᠰᠢᠭ᠋ ᠰᠠᠨᠠᠭᠳᠠᠨ᠎ᠠ᠃      ᠠᠯᠠᠱᠠ ᠨᠤᠲᠤᠭ ᠮᠢᠨᠢ ᠡᠨᠡ ᠵᠢᠯ ᠶᠡᠭᠡ ᠥᠩ ᠲᠠᠢ ᠪᠠᠶᠢᠯ᠎ᠠ᠃ ᠨᠠᠭᠠᠴᠤ ᠡᠮᠡᠭᠡ ᠶᠢᠨ ᠮᠢᠨᠢ ᠳᠠᠷᠢᠭᠰᠠᠨ ᠵᠠᠭ ᠪᠠᠶᠢᠭᠠᠯᠢ ᠶᠢᠨ ᠵᠠᠭ ᠲᠠᠢ ᠨᠡᠶᠢᠯᠡᠯᠳᠦᠭᠡᠳ ᠤᠢ ᠰᠢᠭᠤᠢ ᠮᠡᠲᠦ ᠪᠠᠭᠰᠢᠷᠠᠨ᠂ ᠪᠢᠳᠠᠨ ᠤ ᠵᠦᠭ ᠬᠠᠨᠳᠤᠨ ᠶᠣᠰᠣᠯᠠᠵᠤ ᠪᠠᠶᠢᠭ᠎ᠠ ᠶᠤᠮ ᠰᠢᠭ᠋ ᠨᠠᠶᠢᠭᠤᠨ ᠪᠥᠬᠦᠯᠵᠡᠬᠦ ᠨᠢ ᠨᠠᠭᠠᠴᠤ ᠡᠮᠡᠭᠡ ᠮᠢᠨᠢ ᠥᠨᠳᠥᠷ ᠲᠡᠭᠷᠢ ᠠᠴᠠ ᠮᠠᠨᠤᠰ ᠤᠨ ᠬᠠᠷᠢᠵᠤ ᠢᠷᠡᠭᠰᠡᠨ ᠢ ᠬᠠᠷᠠᠭᠠᠳ ᠪᠠᠶᠠᠰᠴᠤ ᠪᠠᠶᠢᠨ᠎ᠠ ᠭᠡᠵᠦ ᠰᠢᠪᠡᠨᠡᠬᠦ ᠮᠡᠲᠦ᠃     ᠪᠢᠳᠠ ᠪᠤᠴᠠᠬᠤ ᠪᠣᠯᠣᠯ᠎ᠠ᠃ ᠬᠤᠯᠠᠳᠠᠬᠤ ᠲᠤᠳᠤᠮ ᠴᠠᠭᠠᠨ ᠸᠠᠭᠠᠷ ᠤᠳ ᠤᠯᠠᠮ ᠥᠩᠭᠡᠯᠢᠭ᠂ ᠨᠡᠩ ᠰᠣᠨᠢᠬᠠᠨ ᠪᠣᠯᠵᠤ᠂ ᠵᠠᠬ᠎ᠠ ᠬᠢᠵᠠᠭᠠᠷ ᠦᠭᠡᠢ ᠶᠡᠭᠡ ᠭᠤᠪᠢ ᠶᠢᠨ ᠵᠦᠢᠷᠯᠡᠰᠢ ᠦᠭᠡᠢ ᠰᠠᠶᠢᠬᠠᠨ ᠭᠤᠶᠣᠯᠠᠯ ᠴᠢᠮᠡᠭ ᠪᠣᠯᠵᠤ ᠬᠠᠷᠠᠭᠳᠠᠨ᠎ᠠ᠃ ᠮᠢᠨᠤ ᠨᠢᠳᠦᠨ ᠳᠤ ᠲᠡᠳᠡᠭᠡᠷ ᠸᠠᠭᠠᠷ ᠤᠳ ᠲᠣᠮᠣᠷᠠᠨ ᠲᠣᠮᠣᠷᠠᠭᠰᠠᠭᠠᠷ ᠨᠠᠷᠨᠨ ᠮᠡᠲᠦ ᠭᠡᠷᠡᠯᠳᠤᠵᠤ᠂ ᠰᠠᠷᠨᠨ ᠮᠡᠲᠦ ᠲᠡᠷᠭᠡᠯᠰᠢᠵᠦ ᠪᠠᠶᠢᠭᠰᠠᠭᠠᠷ ᠲᠡᠭᠷᠢ ᠶᠢᠨ ᠣᠶᠣᠳᠠᠯ ᠮᠡᠲᠦ ᠢᠷᠠᠯᠵᠠᠨ ᠦᠵᠡᠭᠳᠡᠨ᠎ᠡ᠃ ᠪᠣᠲᠣᠭᠤᠨ ᠪᠣᠷᠣ ᠵᠡᠷᠭᠡᠯᠭᠡᠨ ᠳᠤ ᠠᠮᠢᠯᠠᠨ ᠰᠡᠨᠵᠢᠷᠡᠵᠦ᠂ ᠲᠡᠭᠷᠢ ᠶᠢᠨ ᠬᠠᠶᠠᠭᠠᠨ ᠤ ᠬᠥᠬᠡ ᠠᠭᠤᠯᠠᠰ ᠲᠠᠢ ᠭᠦᠭᠡᠭᠡᠴᠡᠯᠳᠦᠩᠭᠡᠨ ᠲᠣᠭᠯᠠᠵᠤ ᠪᠠᠶᠢᠭ᠎ᠠ ᠰᠢᠭ᠋᠂ ᠪᠢᠳᠡᠨ ᠠᠴᠠ ᠰᠠᠯᠵᠤ ᠶᠠᠳᠠᠨ ᠲᠠᠭᠤᠵᠤ ᠭᠦᠶᠦᠭᠡᠳ ᠪᠠᠶᠢᠭ᠎ᠠ ᠴᠦ ᠶᠤᠮ ᠰᠢᠭ᠋᠂ ᠲᠠᠭᠢᠭᠠᠳ ᠢᠷᠡᠬᠦ ᠶᠢ ᠳᠠᠯᠠᠯᠤᠨ ᠳᠠᠭᠤᠳᠠᠭᠠᠳ ᠴᠦ ᠪᠠᠶᠢᠭ᠎ᠠ ᠰᠢᠭ᠋᠃     ᠪᠢ ᠲᠡᠰᠬᠡᠯ ᠦᠭᠡᠢ ᠤᠶᠠᠷᠠᠨ ᠳᠣᠭᠳᠣᠯᠵᠤ᠂ ᠪᠤᠴᠠᠵᠤ ᠣᠴᠢᠭᠠᠳ ᠰᠥᠭᠦᠳᠥᠨ ᠮᠥᠷᠭᠦᠮᠡᠷ ᠰᠠᠨᠠᠭᠳᠠᠪᠠ᠃ ᠲᠡᠶᠢᠮᠤ ᠠ᠋᠂ ᠬᠡᠦᠬᠡᠨ ᠲᠠᠢ ᠮᠢᠨᠢ ᠠᠳᠠᠯᠢᠬᠠᠨ ᠵᠠᠯᠠᠭᠤ ᠪᠠᠭᠠᠴᠤᠤᠯ ᠡᠪᠦᠭᠡ ᠳᠡᠭᠡᠳᠦᠰ ᠤᠨ ᠢᠶᠠᠨ ᠨᠤᠲᠤᠭ ᠤᠰᠤᠨ ᠳᠤ ᠡᠵᠡᠨ ᠰᠢᠭ ᠡᠵᠡᠨ ᠰᠠᠭᠤᠵᠤ᠂ ᠪᠦᠲᠦᠭᠡᠨ ᠴᠣᠭᠴᠠᠯᠠᠬᠤ ᠶᠢ ᠨᠠᠭᠠᠴᠤ ᠡᠮᠡᠭᠡ ᠶᠢᠨ ᠮᠢᠨᠢ ᠭᠡᠭᠡᠨ ᠰᠦᠨᠡᠰᠦ᠂ ᠡᠬᠡ ᠨᠤᠲᠤᠭ ᠤᠨ ᠮᠢᠨᠢ ᠡᠪᠡᠰᠦ ᠤᠷᠭᠤᠮᠠᠯ᠂ ᠠᠭᠤᠯᠠ ᠬᠠᠳᠠᠨ ᠤ ᠡᠵᠡᠨ ᠰᠠᠬᠢᠭᠤᠰᠤ ᠭᠦᠷᠲᠡᠯ᠎ᠡ ᠵᠠᠬᠢᠭᠠᠳ ᠪᠠᠶᠢᠬᠤ ᠰᠢᠭ᠋᠂ ᠪᠠᠰᠠ ᠬᠦᠰᠡᠨ ᠬᠦᠯᠢᠶᠡᠭᠡᠳ ᠪᠠᠶᠢᠬᠤ ᠰᠢᠭ᠋᠃ ᠭᠠᠯ ᠬᠠᠯᠠᠭᠤᠨ ᠮᠡᠳᠡᠷᠡᠮᠵᠢ ᠵᠦᠩ ᠪᠢᠯᠢᠭ ᠤᠨ ᠮᠢᠨᠢ ᠲᠡᠭᠷᠢ ᠳᠤ ᠡᠶᠢᠨ ᠬᠦ ᠭᠡᠭᠡ ᠲᠠᠲᠠᠨ ᠵᠡᠷᠭᠡᠯᠭᠡᠨᠲᠦᠵᠦ ᠪᠢᠯᠡ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ