ᠬᠡᠦᠬᠡᠳ ᠲᠡᠭᠡᠨ ᠥᠭᠬᠦ ᠪᠡᠯᠡᠭ | | | | | ᠨᠠᠷᠠᠨ ᠤ ᠭᠡᠷᠡᠯ ᠬᠡᠦᠬᠡᠳ ᠨᠠᠰᠤ ᠶᠢ ᠴᠡᠴᠡᠭ ᠰᠢᠭ ᠢᠶᠠᠨ ᠬᠠᠶᠢᠷᠠᠯᠠᠶ᠎ᠠ | ᠨᠠᠭᠠᠰᠢᠯᠠᠬᠤ ᠴᠠᠭ ᠤᠨ ᠵᠠᠮ ᠢ ᠲᠣᠪᠴᠢᠯᠠᠨ ᠴᠡᠩᠭᠡᠯ ᠤᠨ ᠳᠠᠭᠤᠤ ᠪᠠᠨ ᠡᠷᠭᠦᠶ᠎ᠡ | ᠭᠠᠵᠠᠷ ᠤᠨ ᠬᠠᠨ ᠬᠡᠦᠬᠡᠳ ᠤᠨ ᠬᠦᠰᠡᠯ ᠢ ᠭᠠᠯ ᠰᠢᠭ᠋ ᠢᠶᠠᠨ ᠳᠡᠭᠡᠳᠦᠯᠡᠶ᠎ᠡ | ᠬᠥᠮᠥᠨ ᠤ ᠣᠷᠴᠢᠯᠠᠩ ᠳᠤ ᠵᠢᠷᠭᠠᠯ ᠤᠨ ᠪᠤᠯᠠᠭ ᠬᠡᠦᠬᠡᠳ ᠨᠠᠰᠤ ᠪᠠᠨ ᠬᠠᠶᠢᠷᠠᠯᠠᠶ᠎ᠠ | ᠬᠥᠮᠥᠨ ᠤ ᠣᠷᠴᠢᠯᠠᠩ ᠳᠤ ᠵᠢᠷᠭᠠᠯ ᠤᠨ ᠪᠤᠯᠠᠭ ᠬᠡᠦᠬᠡᠳ ᠨᠠᠰᠤ ᠪᠠᠨ ᠬᠠᠶᠢᠷᠠᠯᠠᠶ᠎ᠠ᠃ | ︽ᠨᠠᠷᠠᠨ ᠤ ᠬᠠᠨ ᠬᠡᠦᠬᠡᠳ︾ ᠳᠠᠭᠤᠤ ᠬᠡᠦᠬᠡᠳ ᠤᠨ ᠴᠡᠴᠡᠷᠯᠢᠭ ᠤᠨ ᠬᠦᠷᠢᠶᠡᠨ ᠠᠴᠠ ᠤᠶᠠᠩᠭᠠᠷᠠᠬᠤ ᠨᠢ ᠬᠡᠦᠬᠡᠳ ᠤᠨ ᠪᠠᠶᠠᠷ ᠤᠨ ᠡᠳᠦᠷ ᠭᠦᠷᠦᠭᠡᠳ | ᠢᠷᠡᠯ᠎ᠡ ᠭᠡᠵᠦ ᠲᠤᠩᠬᠠᠭᠯᠠᠵᠤ ᠪᠠᠶᠢᠭ᠎ᠠ ᠴᠦ ᠭᠡᠮᠡᠷ᠃ ᠲᠡᠶᠢᠮᠦ ᠠ᠋᠂ ᠵᠢᠷᠭᠤᠭᠠᠨ ᠰᠠᠷ᠎ᠠ ᠶᠢᠨ ᠨᠢᠭᠡᠨ ᠤ ᠳᠡᠯᠡᠬᠡᠢ ᠶᠢᠨ ᠬᠡᠦᠬᠡᠳ ᠤᠨ ᠪᠠᠶᠠᠷ ᠬᠥᠮᠥᠨ ᠪᠦᠭᠦᠨ ᠤ | ᠬᠡᠦᠬᠡᠳ ᠨᠠᠰᠤᠨ ᠤ ᠨᠠᠨᠳᠢᠨ ᠳᠤᠷᠠᠳᠬᠠᠯ ᠤᠨ ᠨᠢᠭᠡᠨ ᠠᠷᠢᠯᠤᠰᠢ ᠦᠭᠡᠢ ᠢᠮ ᠲᠠᠮᠠᠭ᠎ᠠ ᠪᠣᠯᠵᠤ᠂ ᠥᠴᠥᠭᠡᠳᠦᠷᠬᠡᠨ ᠴᠦ ᠭᠡᠮᠡᠷ᠂ ᠥᠩᠭᠡᠷᠡᠭᠦᠯᠦᠭᠡᠳ ᠴᠦ ᠪᠠᠶᠢᠶ᠎ᠠ | ᠭᠡᠮᠡᠷ ᠰᠠᠨᠠᠭᠳᠠᠭᠤᠯᠬᠤ ᠨᠢ ᠬᠥᠭᠡᠷᠦᠬᠦᠨ᠃ ᠬᠥᠮᠥᠨ ᠤ ᠨᠢᠭᠡ ᠨᠠᠰᠤᠨ ᠳᠤ ᠬᠡᠦᠬᠡᠳ ᠦᠶ᠎ᠡ ᠬᠠᠮᠤᠭ ᠤᠨ ᠰᠠᠶᠢᠬᠠᠨ ᠪᠠᠶᠢᠳᠠᠭ ᠪᠣᠯ ᠡᠨᠡ ᠰᠠᠶᠢᠬᠠᠨ ᠤ ᠪᠦᠭᠦ᠋ᠢᠯᠡ | ᠤᠳᠬ᠎ᠠ ᠠᠭᠤᠯᠭ᠎ᠠ ᠵᠢᠷᠭᠤᠭᠠᠨ ᠰᠠᠷ᠎ᠠ ᠶᠢᠨ ᠨᠢᠭᠡᠨ ᠠᠴᠠ ᠢᠷᠡᠳᠡᠭ ᠪᠤᠯᠤᠯᠳᠠᠢ᠃ | ᠰᠢᠨ᠎ᠡ ᠬᠤᠪᠴᠠᠰᠤ ᠰᠢᠨ᠎ᠡ ᠭᠤᠳᠤᠯ ᠡᠮᠦᠰᠦᠨ᠎ᠡ᠂ ᠵᠢᠭᠰᠠᠭᠠᠯ ᠳᠤ ᠣᠷᠣᠨ᠎ᠠ᠂ ᠬᠥᠬᠢᠭᠦᠯᠦᠯ ᠤᠨ ᠦᠨᠡᠮᠯᠡᠯ ᠭᠠᠷᠳᠠᠨ᠎ᠠ᠂ ᠤᠷᠤᠯᠳᠤᠭᠠᠨ ᠳᠤ ᠣᠷᠣᠯᠴᠠᠨ᠎ᠠ᠂ | ᠱᠠᠩᠨᠠᠯ ᠲᠤᠰᠦᠨᠠ᠂ ᠪᠠᠰᠠ ᠪᠠᠭ᠋ᠠᠷᠬᠠᠭᠰᠠᠨ ᠬᠠᠷᠠᠴᠠ ᠤᠷᠮᠠᠰᠢᠭᠤᠯᠤᠭᠰᠠᠨ ᠮᠠᠭᠲᠠᠭᠠᠯ ᠲᠠᠢ᠃ | ᠡᠨᠡ ᠡᠳᠦᠷ ᠠᠴᠠ ᠡᠬᠢᠯᠡᠵᠦ ᠬᠡᠦᠬᠡᠳ ᠨᠠᠰᠤ ᠬᠥᠮᠥᠨ ᠤ ᠵᠡᠷᠭᠡ ᠳᠤ ᠬᠦᠷᠴᠢᠬᠡᠭᠰᠡᠨ ᠰᠢᠭ ᠰᠠᠨᠠᠭᠳᠠᠬᠤ ᠨᠢ᠃ ᠡᠨᠡ ᠡᠳᠦᠷ ᠠᠴᠠ ᠡᠬᠢᠯᠡᠵᠦ ᠬᠡᠦᠬᠡᠳ ᠨᠠᠰᠤ | ᠡᠴᠢᠭᠡ ᠪᠠᠨ ᠰᠢᠭ ᠰᠦᠷᠲᠡᠢ᠂ ᠡᠬᠡ ᠪᠠᠨ ᠰᠢᠭ ᠤᠬᠠᠭᠠᠨ ᠲᠠᠢ᠂ ᠪᠠᠭᠰᠢ ᠪᠠᠨ ᠰᠢᠭ᠋ ᠮᠡᠳᠡᠯᠭᠡ ᠲᠠᠢ᠂ ᠡᠮᠦᠰᠬᠡᠯ ᠳᠡᠭᠡᠨ ᠪᠠᠭᠲᠠᠵᠤ ᠶᠠᠳᠠᠭᠰᠠᠨ ᠪᠠᠭᠠᠲᠤᠷ ᠢᠳᠡᠲᠡᠨ | ᠴᠦ ᠪᠣᠯᠴᠢᠬᠠᠭᠰᠠᠨ ᠰᠢᠭ᠋ ᠰᠠᠨᠠᠭᠳᠠᠬᠤ ᠨᠢ᠃ | ︽ᠪᠤᠷᠤᠭᠤ ᠨᠢ ᠭᠦᠷᠳᠡᠯ᠎ᠡ ᠪᠤᠷᠬᠠᠨ ᠰᠠᠨᠠᠭ᠎ᠠ ᠲᠠᠢ︾ ᠬᠡᠦᠬᠡᠳ ᠨᠠᠰᠤᠨ ᠤ ᠱᠠᠩᠳᠠᠭᠤᠨ ᠮᠥᠷᠥᠭᠡᠳᠦᠯ ᠢ ᠠᠯᠢ ᠶᠢ ᠨᠢ ᠲᠡᠷᠡ ᠭᠡᠬᠦ ᠪᠤᠢ᠃ | ᠬᠡᠦᠬᠡᠳ ᠪᠠᠶᠠᠷ ᠭᠦᠷ ᠲᠠᠢ ᠵᠣᠯ ᠵᠢᠷᠭᠠᠯ ᠲᠠᠢ ᠥᠰᠬᠦ ᠶᠢᠨ ᠬᠠᠮᠤᠭ ᠤᠨ ᠦᠨᠳᠦᠰᠦᠨ ᠨᠥᠬᠦᠴᠡᠯ ᠬᠡᠯᠡᠯᠭᠡᠨ ᠦᠭᠡᠢ ᠬᠠᠶᠢᠷ᠎ᠠ᠃ ᠬᠠᠶᠢᠷ᠎ᠠ ᠠᠴᠠ ᠤᠨᠳᠤᠷᠤᠬᠰᠠᠨ | ᠵᠥᠪ ᠬᠥᠮᠦᠵᠢᠯ ᠬᠡᠦᠬᠡᠳ ᠢ ᠠᠯᠤᠰ ᠤᠨ ᠠᠯᠤᠰ ᠤᠨ ᠰᠠᠶᠢᠬᠠᠨ ᠮᠥᠷᠥᠭᠡᠳᠦᠯ ᠢᠶᠠᠨ ᠪᠡᠶᠡᠯᠡᠭᠦᠯᠬᠦ ︽ᠬᠥᠮᠥᠨ︾ ᠪᠤᠯᠭᠠᠵᠦ ᠲᠡᠶᠢᠯᠦᠨ᠎ᠡ᠃ | ︽ᠬᠡᠦᠬᠡᠳ ᠨᠠᠰᠤ ᠪᠠᠨ ᠬᠠᠶᠢᠷᠠᠯᠠᠶ᠎ᠠ︾ ᠭᠡᠵᠦ ᠳᠠᠭᠤᠯᠠᠬᠤ ᠶᠤᠮ᠂ ᠶᠠᠭ ᠬᠡᠦᠬᠡᠳ ᠨᠠᠰᠤ ᠪᠠᠨ ᠥᠩᠭᠡᠷᠡᠭᠦᠯᠵᠦ ᠪᠠᠶᠢᠭ᠎ᠠ ᠬᠡᠦᠬᠡᠳ ᠤᠳ ᠬᠡᠦᠬᠡᠳ ᠨᠠᠰᠤ ᠪᠠᠨ | ᠬᠠᠶᠢᠷᠠᠯᠠᠬᠤ ᠶᠢ ᠤᠬᠠᠭᠠᠷᠠᠵᠤ ᠠᠮᠵᠢᠭ᠎ᠠ ᠦᠭᠡᠢ ᠪᠣᠯᠬᠤᠷ ᠭᠡᠷ ᠤᠨ ᠠᠬᠠᠮᠠᠳ ᠪᠣᠯᠤᠭᠰᠠᠨ ᠪᠢᠳᠡ ᠬᠡᠦᠬᠡᠳ ᠤᠨ ᠢᠶᠠᠨ ᠪᠠᠭ᠎ᠠ ᠨᠠᠰᠤ ᠶᠢ ᠤᠳᠬ᠎ᠠ ᠠᠭᠤᠯᠭ᠎ᠠ ᠲᠠᠢ | ᠰᠠᠶᠢᠨ ᠰᠠᠶᠢᠬᠠᠨ ᠪᠤᠯᠭᠠᠬᠤ ᠬᠠᠶᠢᠷ᠎ᠠ ᠬᠥᠮᠦᠵᠢᠯ ᠢᠶᠠᠨ ᠬᠠᠷᠠᠮ ᠦᠭᠡᠢ ᠥᠭᠬᠦ ᠬᠡᠷᠡᠭᠲᠡᠢ᠃ ᠠᠯᠠᠭ ᠮᠢᠬᠠᠨ ᠤ ᠲᠠᠰᠤᠷᠬᠠᠢ ᠡᠯᠢᠭᠡ ᠵᠢᠷᠦᠬᠡᠨ ᠤ ᠡᠮᠲᠡᠷᠬᠡᠢ ᠪᠣᠯᠤᠭᠰᠠᠨ | ᠦᠷ᠎ᠡ ᠬᠡᠦᠬᠡᠳ ᠢᠶᠠᠨ ᠬᠠᠶᠢᠷᠠᠯᠠᠬᠤ ᠦᠭᠡᠢ ᠬᠥᠮᠥᠨ ᠪᠠᠶᠢᠬᠤ ᠦᠭᠡᠢ ᠪᠤᠯᠪᠠᠴᠤ ︽ᠵᠥᠪ ᠬᠠᠶᠢᠷᠠᠯᠠᠨ᠎ᠠ︾ ᠭᠡᠳᠡᠭ ᠲᠤ ᠯᠡ ᠶᠡᠭᠡ ᠤᠬᠠᠭᠠᠨ ᠨᠢᠭᠤᠭᠳᠠᠨ᠎ᠠ᠃ ᠵᠥᠪ | ᠬᠠᠶᠢᠷᠠᠯᠠᠬᠤ ᠶᠢᠨ ᠣᠨᠳᠣᠣ ᠨᠡᠷ᠎ᠡ ᠨᠢ ︽ᠥᠭᠭᠦᠨ᠎ᠡ︾᠂ ︽ᠥᠭᠬᠦ︾ ᠶᠢᠨ ᠤᠳᠬ᠎ᠠ ᠠᠭᠤᠯᠭ᠎ᠠ ︽ᠬᠥᠮᠦᠵᠢᠯ︾ ᠢᠶᠠᠷ ᠢᠯᠡᠷᠡᠨ᠎ᠡ᠃ ᠶᠠᠭᠤ ᠥᠭᠭᠦᠨ᠎ᠡ︖ | ᠶᠠᠭᠠᠬᠢᠵᠤ ᠥᠭᠭᠦᠨ᠎ᠡ︖ ᠬᠡᠳᠦᠢ ᠥᠭᠭᠦᠨ᠎ᠡ︖ ᠁ | ︽ᠡᠷᠬᠡ ᠶᠢ ᠥᠭᠭᠦᠨ᠎ᠡ ᠤᠤ᠂ ᠪᠡᠷᠬᠡ ᠶᠢ ᠥᠭᠭᠦᠨ᠎ᠡ ᠤᠤ︖ ᠡᠳ᠋ ᠥᠭᠭᠦᠨ᠎ᠡ ᠤᠤ᠂ ᠡᠷᠳᠡᠮ ᠥᠭᠭᠦᠨ᠎ᠡ ᠤᠤ︖︾ ᠥᠭᠭᠦᠭᠰᠡᠨ ᠤ ᠬᠢᠷᠢ ᠪᠠᠷ ᠴᠢᠨᠢ᠂ | ᠥᠭᠭᠦᠭᠰᠡᠨ ᠤ ᠤᠬᠠᠭᠠᠨ ᠢᠶᠠᠷ ᠴᠢᠨᠢ ᠬᠡᠦᠬᠡᠳ ᠬᠢᠷᠢ ᠵᠡᠷᠭᠡ ᠶᠢᠨ ᠬᠥᠮᠥᠨ ᠪᠤᠯᠬᠤ ᠨᠢ ᠲᠣᠳᠣᠷᠠᠨ᠎ᠠ᠃ | ᠡᠩ ᠲᠡᠷᠢᠭᠦᠨ ᠳᠤ ᠡᠯᠢᠭᠡ ᠪᠦᠲᠦᠨ ᠠᠮᠢᠳᠤᠷᠠᠯ ᠦᠭᠭᠦᠶ᠎ᠡ᠃ ᠬᠠᠶᠢᠷ᠎ᠠ ᠳᠤᠲᠠᠭ᠎ᠠ ᠦᠭᠡᠢ ᠬᠡᠦᠬᠡᠳ ᠢᠲᠡᠭᠡᠯ ᠵᠣᠷᠢᠭ ᠢᠳᠡ ᠬᠦᠴᠦᠨ ᠶᠠᠭᠤ ᠴᠦ ᠳᠤᠲᠠᠳᠠᠭ | ᠦᠭᠡᠢ ; ᠥᠪᠡᠷ ᠢ ᠪᠠᠨ ᠬᠡᠦᠬᠡᠳ ᠲᠡᠭᠡᠨ ᠦᠭᠭᠦᠶ᠎ᠡ᠃ ᠬᠡᠦᠬᠡᠳ ᠤᠨ ᠢᠶᠠᠨ ᠪᠠᠭ᠋ᠠᠷᠬᠠᠳᠠᠭ ᠲᠣᠭᠯᠠᠭᠠᠮ ᠤᠨ ᠵᠦᠢᠯᠡᠰ ᠨᠢ ᠰᠢᠭ ᠬᠡᠦᠬᠡᠳ ᠲᠠᠢ ᠪᠠᠨ ᠬᠠᠮᠲᠤ ᠪᠠᠶᠢᠬᠤ | ᠬᠡᠦᠬᠡᠳ ᠤᠨ ᠴᠢᠨᠢ ᠡᠷᠡᠭᠦᠯ ᠪᠡᠶ᠎ᠡ ᠰᠠᠷᠠᠭᠤᠯ ᠤᠬᠠᠭᠠᠨ ᠤ ᠬᠢᠨᠢ ᠡᠬᠢ ᠰᠤᠷᠪᠤᠯᠵᠢ ᠪᠤᠯᠬᠤ ᠶᠤᠮ᠃ ᠲᠣᠭᠯᠠᠭᠠᠮ ᠤᠨ ᠵᠦᠢᠯᠡᠰ ᠢᠶᠠᠨ ᠬᠠᠷᠠᠮᠨᠠᠨ ᠬᠠᠶᠢᠷᠠᠯᠠᠬᠤ | ᠤᠬᠠᠭᠠᠨ ᠠᠴᠠ ᠪᠠᠨ ︽ᠲᠣᠭᠯᠠᠭᠠᠮ ᠤᠨ ᠵᠦᠢᠯᠡᠰ︾ ᠪᠣᠯᠤᠭᠰᠠᠨ ᠡᠴᠢᠭᠡ ᠡᠬᠡ ᠪᠠᠨ ᠥᠮᠴᠢᠷᠬᠡᠨ ᠭᠦᠨᠳᠦᠳᠭᠡᠵᠦ ᠬᠠᠶᠢᠷᠠᠯᠠᠬᠤ ᠬᠠᠶᠢᠷ᠎ᠠ ᠶᠢ ᠰᠤᠷᠳᠠᠭ ᠰᠢᠦ | ᠬᠡᠦᠬᠡᠳ ᠴᠢᠨᠢ ; ᠰᠢᠯᠭᠠᠯᠲᠠ ᠶᠢᠨ ᠬᠤᠪᠢ ᠶᠢ ᠨᠢ ᠯᠡ ᠠᠩᠬᠠᠷᠬᠤ ᠪᠢᠰᠢ ᠬᠠᠷᠢᠨ ᠮᠡᠳᠡᠯᠭᠡ ᠮᠡᠷᠭᠡᠵᠢᠯ ᠰᠤᠷᠬᠤ ᠠᠷᠭ᠎ᠠ ᠤᠬᠠᠭᠠᠨ ᠦᠭᠭᠦᠶ᠎ᠡ ; ᠭᠠᠷ ᠤᠲᠠᠰᠤ | ᠪᠢᠰᠢ᠂ ᠭᠠᠷ ᠲᠠᠭᠠᠨ ᠪᠠᠷᠢᠭᠰᠠᠨ ᠨᠣᠮ ᠦᠭᠭᠦᠶ᠎ᠡ ; ᠬᠢᠴᠢᠶᠡᠯ ᠤᠨ ᠭᠠᠳᠠᠨᠠᠬᠢ ᠪᠣᠯᠪᠠᠰᠤᠷᠠᠯ ᠤᠨ ᠠᠩᠭᠢ ᠪᠢᠰᠢ᠂ ᠬᠥᠮᠥᠨ ᠤ ᠠᠮᠢᠳᠤᠷᠠᠯ ᠤᠨ ᠤᠷᠳᠤ ᠠᠶᠠᠨ ᠢ | ᠲᠤᠭᠤᠯᠬᠤ ᠲᠡᠰᠪᠦᠷᠢ ᠲᠡᠪᠴᠢᠶᠡᠷᠢ ᠶᠢ ᠦᠭᠭᠦᠶ᠎ᠡ ; ︽ᠦᠷᠭᠡᠰᠦᠳᠤ ᠣᠷᠴᠢᠯᠠᠩ ᠳᠤ ᠪᠦᠳᠦᠴᠢᠭᠡᠳ ᠤᠬᠢᠯᠠᠵᠤ ᠰᠠᠭᠤᠬᠤ ᠶᠢᠨ ᠴᠠᠭ ᠲᠤ ᠥᠯᠥᠭᠡᠢ ᠶᠢ ᠮᠢᠨᠢ | ᠰᠡᠶᠢᠯᠦᠭᠰᠡᠨ ᠠᠪᠤ ᠲᠠᠢ ᠪᠣᠯᠬᠤᠷ ᠠᠮᠢᠳᠤ ᠶᠠᠪᠤᠵᠤ ᠴᠢᠳᠠᠳᠠᠭ ᠠ᠋︾ ᠭᠡᠵᠦ ᠰᠢᠯᠦᠭᠯᠡᠭᠰᠡᠨ ᠰᠢᠭ ᠣᠷᠴᠢᠯᠠᠩ ᠤᠨ ᠨᠤᠭᠤᠴᠠᠭᠠᠨ ᠢ ᠬᠥᠯ ᠠᠯᠳᠠᠯ ᠦᠭᠡᠢ ᠲᠤᠭᠤᠯᠬᠤ | ᠵᠢᠷᠦᠬᠡᠨ ᠲᠠᠮᠢᠷ ᠦᠭᠭᠦᠶ᠎ᠡ ; ᠲᠦᠷᠦᠭᠰᠡᠨ ᠨᠤᠲᠤᠭ ᠤᠨ ᠢᠶᠠᠨ ᠠᠯᠠᠭ ᠴᠢᠯᠠᠭᠤ ᠪᠠᠨ ᠵᠢᠰᠦᠯᠡᠬᠦ᠂ ᠠᠭᠯᠠᠭ ᠠᠭᠤᠯᠠ ᠪᠠᠨ ᠰᠢᠲᠦᠬᠦ᠂ ᠠᠳᠬᠤ ᠰᠢᠷᠣᠢ ᠪᠠᠨ | ᠬᠠᠮᠠᠭᠠᠯᠠᠨ ᠬᠠᠶᠢᠷᠠᠯᠠᠬᠤ ᠵᠣᠷᠢᠭ ᠰᠥᠰᠥ ᠦᠭᠭᠦᠶ᠎ᠡ᠃ | ᠵᠢᠷᠭᠤᠭᠠᠨ ᠰᠠᠷ᠎ᠠ ᠶᠢᠨ ᠨᠢᠭᠡᠨ ᠪᠣᠯᠵᠤ᠂ ᠵᠦᠢᠯ ᠤᠨ ᠴᠡᠴᠡᠭ ᠳᠡᠯᠭᠡᠷᠡᠯ᠎ᠡ᠃ ᠴᠡᠴᠡᠭ ᠲᠠᠢ ᠵᠢᠮᠢᠰ ᠲᠠᠢ᠂ ᠠᠭᠤᠯᠠ ᠲᠠᠢ ᠤᠰᠤ ᠲᠠᠢ ᠭᠠᠩᠭᠠᠩ ᠳᠡᠯᠡᠬᠡᠢ ᠪᠠᠨ | ᠪᠦᠬᠦᠯᠢ ᠪᠦᠲᠦᠨ ᠢᠶᠠᠷ ᠨᠢ ᠦᠷ᠎ᠡ ᠬᠡᠦᠬᠡᠳ ᠲᠡᠭᠡᠨ ᠦᠭᠭᠦᠶ᠎ᠡ ᠠ᠋︕ | | |