ᠠᠭᠤᠤ ᠣᠷᠴᠢᠯᠠᠩ ᠤᠨ ᠡᠨᠡ ᠠᠭᠤᠳᠠᠮ ᠵᠠᠢ ᠳᠤ ᠬᠥᠭᠡᠷᠦᠬᠦᠢ ᠴᠡᠩᠬᠡᠷ ᠪᠥᠮᠪᠥᠷᠴᠡᠭ ᠮᠢᠨᠢ ᠡᠬᠡ ᠶᠢᠨ ᠬᠡᠪᠡᠯᠢ ᠳᠤ ᠠᠮᠢᠰᠬᠤᠨ ᠪᠥᠮᠪᠥᠷᠢᠬᠦ ᠭᠦᠪᠦᠷᠡᠯ ᠮᠡᠲᠦ | ᠡᠩᠬᠦᠷᠡᠶᠢᠬᠡᠨ᠂ ᠡᠮᠵᠡᠭᠬᠡᠨ ᠬᠠᠷᠠᠭᠳᠠᠨ᠎ᠠ ᠪᠢᠵᠡ︖ ᠲᠡᠶᠢᠮᠦ ᠰᠢᠦ᠂ ᠶᠡᠭᠡ ᠡᠮᠵᠡᠭ ᠶᠡᠭᠡ ᠡᠩᠬᠦᠷᠡᠢ ᠠᠵᠢ᠃ ᠡᠨᠡ ᠬᠦ ᠨᠠᠨᠳᠢᠨ ᠡᠩᠬᠦᠷᠡᠢ᠂ ᠡᠮᠵᠡᠭ ᠬᠤᠪᠣᠷ ᠡᠷᠳᠡᠨᠢ | ᠳᠡᠭᠡᠷ᠎ᠡ ᠲᠦᠮᠡ ᠮᠢᠩᠭᠠᠨ ᠠᠮᠢ ᠨᠠᠰᠤ ᠲᠦᠮᠡ ᠮᠢᠩᠭᠠᠨ ᠵᠢᠯ ᠣᠷᠣᠰᠢᠨ ᠪᠤᠢ᠃ ᠬᠡᠴᠢᠨᠡᠭᠡᠨ ᠨᠠᠨᠳᠢᠨ᠂ ᠬᠡᠴᠢᠨᠡᠭᠡᠨ ᠤᠷᠠᠨ᠂ ᠬᠡᠴᠢᠨᠡᠭᠡᠨ ᠡᠷᠬᠢᠮ ᠠᠵᠢ᠃ ᠠᠮᠢ | ᠣᠷᠣᠰᠢᠬᠤ ᠶᠢᠨ ᠴᠡᠩᠭᠡᠭ ᠠᠭᠠᠷ ᠶᠠᠮᠠᠷ ᠠᠭᠤᠤ ᠪᠢᠯᠡ︖ ᠬᠡᠴᠢᠨᠡᠭᠡᠨ ᠲᠦᠮᠡᠨ ᠵᠢᠯ ᠳᠤ ᠶᠠᠭᠠᠬᠢᠵᠤ ᠪᠦᠷᠢᠯᠳᠦᠨ ᠲᠣᠭᠲᠠᠪᠠ︖ | ᠨᠢᠭᠡ ᠬᠤᠷᠣᠮ ᠴᠦ ᠰᠠᠯᠤᠯ ᠦᠭᠡᠢ ᠡᠨᠡ ᠳᠡᠯᠡᠬᠡᠢ ᠶᠢᠨ ᠠᠮᠢᠳᠠᠨ ᠤᠷᠭᠤᠮᠠᠯ ᠡᠨᠡ ᠠᠷᠢᠭᠤᠨ ᠨᠠᠨᠳᠢᠨ ᠡᠬᠡ ᠶᠢᠨ ᠰᠦ ᠮᠡᠲᠦ ᠠᠭᠠᠷ ᠢ ᠠᠮᠢᠰᠬᠤᠨ ᠪᠠᠶᠢᠨ᠎ᠠ | ᠭᠡᠳᠡᠭ ᠢ ᠪᠤᠳᠣᠬᠤ ᠪᠠᠷ ᠴᠢ ᠪᠢᠳᠡ ᠶᠣᠰᠣᠲᠠᠢ ᠵᠠᠯᠪᠠᠷᠢᠨ᠎ᠠ ᠪᠠᠶᠢᠬ᠎ᠠ᠃ ᠪᠢ ᠠᠭᠠᠷ ᠤᠨ ᠲᠤᠬᠠᠢ ᠬᠠᠷ᠎ᠠ ᠤᠬᠠᠭᠠᠨ ᠢᠶᠠᠷ ᠢᠶᠠᠨ ᠶᠡᠭᠡ ᠪᠤᠳᠣᠵᠦ ᠰᠠᠭᠤᠳᠠᠭ ᠠ᠋᠃ | ᠠᠭᠠᠷ ᠪᠡᠶ᠎ᠡ ᠳᠣᠲᠣᠭᠤᠷ ᠮᠢᠨᠢ ᠤᠷᠤᠰᠤᠨ ᠳᠣᠯᠭᠢᠶᠠᠯᠠᠵᠤ᠂ ᠵᠢᠷᠦᠬᠡ ᠲᠠᠷᠢᠬᠢ ᠶᠢ ᠠᠵᠢᠯᠯᠠᠭᠤᠯᠤᠨ ᠪᠣᠳᠣᠯᠬᠢᠯᠠᠭᠤᠯᠵᠤ᠂ ᠰᠡᠳᠬᠢᠭᠦᠯᠵᠦ ᠁ ᠪᠠᠶᠢᠨ᠎ᠠ ᠭᠡᠬᠦ ᠠᠴᠠ | ᠠᠮᠢ ᠨᠠᠰᠤ ᠠᠭᠠᠷ ᠤᠨ ᠪᠦᠲᠦᠭᠡᠯ᠂ ᠠᠭᠠᠷ ᠤᠨ ᠪᠤᠳᠣᠯ ᠵᠢᠷᠦᠬᠡ ᠮᠡᠲᠦ ᠪᠣᠯᠵᠤ ᠢᠷᠡᠳᠡᠭ᠃ ᠡᠳᠦᠷ ᠰᠥᠨᠢ ᠦᠭᠡᠢ ᠠᠭᠠᠷ ᠳᠣᠲᠣᠷ᠎ᠠ ᠱᠣᠩᠪᠠᠨ ᠠᠮᠢᠳᠤᠷᠠᠵᠤ | ᠪᠠᠶᠢᠬᠤ ᠪᠠᠨ ᠪᠤᠳᠣᠬᠤ ᠪᠠᠷ ᠡᠬᠡ ᠶᠢᠨ ᠠᠯᠲᠠᠨ ᠬᠡᠪᠡᠯᠢ ᠮᠡᠲᠦ ᠠᠮᠤᠭᠤᠯᠠᠩ ᠠᠷᠢᠭᠤᠨ ᠲᠠᠬᠰᠢᠨ ᠥᠯᠥᠭᠡᠢ ᠮᠢᠨᠢ ᠪᠣᠯᠣᠨ᠎ᠠ᠃ ᠠᠭᠠᠷ ᠳᠦᠭᠦᠷᠡᠩ ᠰᠢᠷᠣᠩᠬᠠᠶᠢᠯᠠᠬᠤ | ᠮᠣᠩᠭᠤᠯ ᠠᠷᠠᠳ ᠤᠨ ᠳᠠᠭᠤᠤ ︽ᠠᠯᠲᠠᠨ ᠵᠢᠭᠦᠷ ᠲᠠᠢ ᠴᠡᠭᠴᠡᠦᠬᠡᠢ ᠨᠢ᠂ ᠠᠭᠠᠷ ᠠᠴᠠ ᠨᠠᠭᠠᠭᠤᠷ ᠵᠢᠷᠭᠢᠨ᠎ᠡ ᠳ᠋ᠠ︾ ᠶᠢ ᠠᠭᠤᠳᠠᠮ ᠠᠭᠠᠷ ᠠᠴᠠ ᠮᠡᠳᠡᠷᠡᠬᠦ ᠪᠠᠷ ᠠᠭᠠᠷ | ᠮᠢᠨᠢ ᠪᠠᠭ᠎ᠠ ᠴᠠᠭᠠᠰᠢ ᠪᠠᠨ ᠶᠠᠪᠤᠵᠤ᠂ ᠲᠡᠭᠷᠢ ᠪᠣᠯᠵᠤ ᠢᠷᠡᠨ᠎ᠡ᠃ ᠲᠡᠶᠢᠮᠦ ᠳ᠋ᠡ᠂ ᠠᠯᠲᠠᠨ ᠵᠢᠭᠦᠷᠲᠠᠢ ᠶᠤᠮ ᠴᠢᠨᠢ ᠲᠡᠶᠢᠮᠦ ᠥᠨᠳᠥᠷ ᠲᠤ ᠳᠡᠭᠦᠯᠢᠯ ᠦᠭᠡᠢ ᠶᠠᠭᠠᠬᠢᠬᠤᠪ | ︖ ᠪᠢᠳᠡᠨ ᠤ ᠰᠡᠳᠬᠢᠯ ᠳᠤ ᠠᠭᠠᠷ ᠲᠡᠭᠷᠢ ᠭᠡᠵᠦ ᠬᠤᠯᠪᠣᠨ ᠳᠠᠳᠴᠤ ᠡᠬᠢᠯᠡᠭᠰᠡᠨ ᠨᠢ ᠴᠦ ᠶᠡᠭᠡ ᠤᠴᠢᠷᠲᠠᠢ ᠪᠠᠶᠢᠬᠤ ᠠ᠋︖ ᠡᠶᠢᠮᠦ ᠠᠷᠢᠭᠤᠨ ᠨᠠᠨᠳᠢᠨ ᠢᠶᠠᠨ | ᠡᠷᠭᠢᠮᠯᠡᠭᠦ ᠨᠢ ᠴᠦ ᠵᠥᠪ ᠪᠠᠶᠢᠯᠭᠦᠢ᠃ ᠥᠨᠳᠥᠷ ᠲᠤ ᠡᠷᠭᠦᠯ ᠦᠭᠡᠢ ᠴᠦ ᠶᠠᠭᠠᠬᠢᠬᠤᠪ︖ ᠠᠭᠠᠷ ᠲᠡᠭᠷᠢ᠂ ᠬᠥᠬᠡ ᠲᠡᠭᠷᠢ᠂ ᠮᠥᠩᠬᠡ ᠬᠥᠬᠡ ᠲᠡᠭᠷᠢ ᠁ | ᠪᠢᠳᠡᠨ ᠤ ᠰᠢᠲᠦᠭᠡᠨ ᠲᠡᠶᠢᠮᠦ ᠯᠡ ᠠᠭᠤᠤ ᠭᠦᠨ ᠤᠳᠬ᠎ᠠ ᠲᠠᠢ ᠠᠵᠢ᠃ ᠪᠢᠳᠠᠨ ᠤ ᠰᠢᠲᠦᠭᠡᠨ᠂ ᠠᠭᠠᠷ ᠲᠡᠭᠷᠢ ᠮᠢᠨᠢ ᠠᠮᠢ ᠠᠮᠢᠰᠬᠤᠯ ᠪᠣᠯᠵᠤ ᠬᠤᠷᠣᠮ ᠪᠦᠷᠢ | ᠵᠢᠷᠦᠬᠡᠨ ᠳᠤᠮᠳᠠᠭᠤᠷ ᠴᠣᠬᠢᠯᠠᠨ ᠪᠤᠢ᠃ ᠮᠥᠩᠬᠡ ᠬᠥᠬᠡ ᠲᠡᠭᠷᠢ ᠪᠠᠨ ᠠᠷᠭᠠᠳᠠᠨ ᠰᠢᠲᠦᠵᠦ᠂ ᠠᠪᠤᠷᠠᠯ ᠡᠷᠢᠬᠦ ᠶᠢᠨ ᠶᠣᠰᠣᠨ ᠴᠦ ᠠᠯᠤᠰ ᠬᠤᠯᠡ ᠠᠳᠠᠯ᠎ᠠ ᠣᠶᠢᠷ᠎ᠠ | ᠵᠢᠷᠦᠬᠡᠨ ᠳᠤ ᠪᠤᠢ᠃ ᠪᠢᠳᠠ ᠶᠡᠭᠡ ᠠᠭᠤᠳᠠᠮ ᠢ ᠠᠷᠭᠠᠳᠠᠨ ᠲᠠᠭᠢᠵᠦ ᠪᠤᠢ᠂ ᠶᠡᠭᠡ ᠡᠭᠡᠯ ᠣᠶᠢᠷ᠎ᠠ ᠶᠢ ᠴᠦ ᠠᠷᠭᠠᠳᠠᠨ ᠲᠠᠭᠢᠵᠦ ᠪᠤᠢ᠃ ᠠᠷᠭᠠᠳᠠᠬᠤᠢ ᠭᠡᠳᠡᠭ | ᠣᠷᠣᠰᠢᠨ ᠲᠣᠭᠲᠠᠨᠢᠬᠤ ᠶᠢᠨ ᠵᠥᠭᠡᠯᠡᠨ ᠠᠢ ᠶᠤᠮ᠃ ᠣᠷᠴᠢᠯᠠᠩ ᠬᠤᠷᠸ᠎ᠠ ᠶᠢᠨ ᠲᠦᠮᠡᠨ ᠪᠣᠳᠠᠰ ᠯᠤᠭ᠎ᠠ ᠡᠶ᠎ᠡ ᠵᠣᠬᠢᠴᠠᠯ ᠲᠠᠢ ᠣᠷᠣᠰᠢᠬᠤ ᠶᠢᠨ ᠭᠦᠨ ᠨᠠᠷᠢᠨ | ᠤᠬᠠᠭᠠᠨ ᠪᠢᠯᠡ᠃ ᠠᠷᠭᠠᠳᠠᠶ᠎ᠠ ᠳ᠋ᠠ᠂ ᠬᠤᠷᠸ᠎ᠠ ᠳᠡᠯᠡᠬᠡᠢ᠂ ᠪᠠᠶᠢᠭᠠᠯᠢ ᠣᠷᠴᠢᠨ ᠢᠶᠠᠨ ᠬᠥᠮᠥᠰ ᠮᠢᠨᠢ︕ | ︽ᠠᠭᠠᠷ᠎ᠠ ᠨᠢᠭᠡᠨ ᠪᠤᠢ︾᠃ ᠴᠣᠭᠲᠤ ᠬᠤᠩ ᠲᠠᠶᠢᠵᠢ ᠶᠢᠨ ᠬᠠᠳᠠᠨ ᠤ ᠪᠢᠴᠢᠭᠡᠰᠦ ᠳᠤ ᠡᠨᠡ ᠬᠦ ᠦᠭᠡ ᠲᠡᠮᠳᠡᠭᠯᠡᠭᠳᠡᠨ ᠴᠢ ᠪᠢᠳᠡᠨ ᠤ ᠦᠶ᠎ᠡ ᠳᠤ ᠬᠦᠷᠴᠦ | ᠢᠷᠡᠨ᠂ ᠴᠢ ᠪᠢᠳᠡᠨ ᠤ ᠣᠶᠣᠨ ᠤᠬᠠᠭᠠᠨ ᠳᠤ ᠲᠣᠳᠣᠷᠠᠨ ᠪᠠᠶᠢᠬᠤ ᠨᠢ ᠴᠦ ᠶᠠᠭᠤᠲᠠᠢ ᠡᠷᠬᠢᠮ ᠠᠵᠢ᠃ ᠲᠡᠶᠢᠮᠦ ᠳ᠋ᠠ᠂ ᠠᠭᠠᠷ᠎ᠠ ᠨᠢᠭᠡᠨ ᠪᠢᠵᠡ ᠪᠢᠳᠠ | ᠪᠦᠭᠦᠳᠡᠭᠡᠷ ᠢᠶᠠᠨ᠃ ᠲᠡᠭᠷᠢ ᠭᠠᠵᠠᠷ ᠯᠤᠭ᠎ᠠ ᠴᠦ ᠠᠭᠠᠷ᠎ᠠ ᠨᠢᠭᠡᠨ ᠪᠢᠵᠡ᠃ ᠮᠣᠩᠭᠤᠯᠴᠤᠳ ᠲᠡᠭᠷᠢ ᠯᠤᠤᠰ ᠢ ᠠᠷᠭᠠᠳᠠᠨ᠂ ᠲᠡᠭᠷᠢ ᠯᠤᠤᠰ ᠲᠠᠢ ᠪᠠᠨ ᠠᠭᠠᠷ ᠨᠢᠭᠡᠨ | ᠤᠴᠢᠷ ᠶᠠᠷᠢᠵᠤ ᠬᠠᠷᠢᠴᠠᠵᠤ ᠴᠦ ᠢᠷᠡᠭᠰᠡᠨ ᠬᠥᠮᠥᠰ᠃ ᠲᠡᠶᠢᠮᠦ ᠶᠢᠨ ᠤᠴᠢᠷ ᠣᠪᠣᠭ᠎ᠠ ᠪᠤᠯᠠᠭ᠂ ᠨᠠᠭᠤᠷ ᠤᠰᠤ ᠪᠠᠨ ᠲᠠᠭᠢᠳᠠᠭ᠃ ᠠᠭᠠᠷ ᠲᠡᠭᠷᠢ ᠶᠢ | ᠬᠠᠶᠢᠷᠠᠯᠠᠬᠤ ᠠᠴᠠ ᠳᠡᠭᠡᠳᠦᠯᠡᠨ ᠲᠠᠭᠢᠵᠦ ᠢᠷᠡᠭᠰᠡᠨ ᠬᠥᠮᠥᠰ ᠪᠢᠯᠡ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠴᠠᠭᠠᠨ ᠢᠰᠡᠭᠡᠢ ᠪᠠᠨ ᠳᠡᠪᠢᠰᠦᠨ᠂ ᠴᠠᠭᠠᠨ | ᠢᠳᠡᠭᠡ ᠪᠠᠨ ᠡᠷᠭᠦᠨ᠂ ᠲᠡᠭᠷᠢ ᠳᠤ ᠮᠥᠷᠭᠦᠨ ᠲᠡᠭᠰᠢ ᠵᠢᠷᠭᠠᠵᠤ ᠢᠷᠡᠭᠰᠡᠨ ᠬᠥᠮᠥᠰ ᠪᠢᠯᠡ᠃ ᠠᠭᠠᠷ ᠲᠡᠭᠷᠢ ᠶᠢ ᠰᠢᠲᠦᠬᠦ ᠶᠣᠰᠣᠨ ᠲᠡᠶᠢᠮᠦ ᠡᠷᠬᠢᠮ ᠠᠵᠢ᠃ | ᠣᠳᠣ ᠬᠠᠷᠢᠨ ᠬᠥᠮᠥᠰ ᠨᠢᠳᠦᠨ ᠡᠮᠦᠨᠡᠬᠢ ᠠᠰᠢᠭ ᠵᠢᠷᠭᠠᠯ ᠳᠤ ᠰᠢᠨᠤᠨ᠂ ᠠᠭᠠᠷ ᠲᠡᠭᠷᠢ ᠶᠢ ᠠᠯᠢ ᠭᠠᠯᠪᠠ ᠳᠤ ᠮᠠᠷᠲᠠᠨ᠂ ᠪᠣᠬᠢᠷ ᠬᠡᠢ ᠣᠳᠤᠭ᠎ᠠ ᠶᠢ ᠲᠡᠭᠷᠢ | ᠭᠠᠵᠠᠷ ᠲᠠᠢ ᠬᠤᠯᠪᠣᠨ ᠠᠶᠤᠬᠤ ᠬᠢᠴᠢᠶᠡᠬᠦ ᠶᠢ ᠮᠠᠷᠲᠠᠵᠠᠢ᠃ ᠠᠭᠠᠷ ᠨᠢᠭᠡᠨ ᠪᠤᠢ ᠨᠦᠭᠦᠭᠡ ᠪᠣᠬᠢᠷ ᠣᠳᠤᠭ᠎ᠠ ᠠᠮᠠᠨ ᠳᠤ ᠴᠢᠨᠢ ᠣᠷᠣᠨ᠂ ᠠᠶᠤᠤᠯᠢᠬᠠᠢ ᠳᠤ ᠴᠢᠨᠢ | ᠬᠠᠷᠠᠯᠠᠬᠤ ᠵᠣᠪᠠᠯᠠᠩ ᠢᠷᠡᠨ᠎ᠡ᠃ ᠬᠢᠴᠢᠶᠡᠭᠲᠦᠨ᠂ ᠡᠨᠡ ᠴᠡᠯᠮᠡᠭ ᠠᠭᠠᠷ᠂ ᠴᠡᠩᠬᠡᠷ ᠲᠡᠭᠷᠢ ᠶᠢᠨ ᠳᠣᠣᠷ᠎ᠠ ᠪᠤᠶᠠᠨ ᠨᠢᠭᠦᠯ ᠢ ᠪᠤᠳᠣᠵᠦ ᠶᠠᠪᠤᠭᠠᠷᠠᠢ᠂ ᠲᠠ ᠨᠠᠷ ᠮᠢᠨᠢ︕ | | ᠠᠭᠤᠳᠠᠮ ᠣᠷᠴᠢᠯᠠᠩ ᠤᠨ ᠵᠠᠢ ᠠᠴᠠ ᠮᠠᠨ ᠤ ᠪᠥᠮᠪᠥᠷᠴᠡᠭ ᠴᠡᠩᠬᠡᠷ ᠬᠠᠷᠠᠭᠳᠠᠳᠠᠭ ᠭᠡᠰᠡᠨ᠃ ᠲᠡᠷᠡ ᠪᠣᠯ ᠣᠰᠣᠨ ᠴᠡᠩᠬᠡᠷ ᠪᠥᠮᠪᠥᠷᠴᠡᠭ᠂ ᠤᠰᠤ ᠠᠮᠢ ᠨᠠᠰᠤ | ᠣᠷᠣᠰᠢᠬᠤ ᠶᠢᠨ ᠦᠨᠳᠦᠰᠦ ᠪᠦᠯᠦᠭᠡ᠃ ᠬᠥᠮᠥᠨ ᠤ ᠪᠡᠶ᠎ᠡ ᠶᠢᠨ ᠵᠠᠭᠤᠨ ᠤ ᠲᠡᠯ᠎ᠠ ᠨᠢ ᠤᠰᠤ ᠭᠡᠳᠡᠭ᠃ ᠤᠰᠤ ᠦᠭᠡᠢ ᠪᠠᠷ ᠠᠮᠢ ᠨᠠᠰᠣᠨ ᠤ ᠣᠷᠣᠰᠢᠯ ᠲᠣᠭᠲᠠᠨᠢᠯ ᠢ | ᠲᠥᠰᠥᠭᠡᠯᠡᠬᠦ ᠳᠤ ᠪᠡᠷᠬᠡ᠃ ᠲᠡᠶᠢᠮᠦ ᠶᠢᠨ ᠤᠴᠢᠷ ᠤᠬᠠᠭᠠᠨᠲᠤ ᠳᠡᠭᠡᠳᠦᠰ ᠮᠢᠨᠢ ᠤᠰᠤ ᠶᠢ ᠷᠠᠰᠢᠶᠠᠨ ᠬᠡᠮᠡᠨ ᠳᠡᠭᠡᠳᠦᠯᠡᠵᠦ ᠢᠷᠡᠵᠡᠢ᠃ ᠤᠰᠤ ᠯᠤᠤᠰ ᠨᠠᠢᠮᠠᠨ | ᠠᠶᠢᠮᠠᠭ ᠢ ᠳᠡᠭᠡᠳᠦᠯᠡᠨ ᠲᠠᠭᠢᠵᠦ᠂ ᠠᠷᠭᠠᠳᠠᠨ ᠠᠮᠢᠳᠤᠷᠠᠵᠤ ᠢᠷᠡᠵᠡᠢ᠃ ︽ᠤᠤᠭᠤᠭᠰᠠᠨ ᠤᠰᠤ ᠷᠠᠰᠢᠶᠠᠨ᠂ ᠤᠨᠠᠭᠰᠠᠨ ᠰᠢᠷᠣᠢ ᠠᠯᠲᠠ︾ ︽ᠤᠰᠤ ᠶᠢ ᠨᠢ | ᠤᠤᠭᠤᠪᠠᠯ ᠡᠬᠢ ᠶᠢ ᠨᠢ ᠪᠤᠳᠣ︾ ᠁ ᠬᠡᠮᠡᠨ ᠣᠰᠣᠨ ᠤ ᠲᠤᠬᠠᠢ ᠮᠠᠰᠢ ᠣᠯᠠᠨ ᠡᠷᠬᠢᠮ ᠠᠷᠢᠭᠤᠨ ᠰᠤᠷᠭᠠᠯ ᠢ ᠨᠣᠮᠯᠠᠵᠤ ᠢᠷᠡᠵᠡᠢ᠃ ᠡᠷᠳᠡᠮᠲᠡᠨ ᠰ᠊ · | ᠲᠣᠯᠮ᠎ᠠ ᠶᠢᠨ ᠪᠦᠲᠦᠭᠡᠯ ᠳᠤ ︿ᠰᠣᠣ ᠵᠠᠯᠢ﹀ ᠭᠡᠳᠡᠭ ᠦᠭᠡ ᠶᠢ ᠰᠣᠣ ᠨᠢ ᠤᠰᠤ᠂ ᠵᠠᠯᠢ ᠨᠢ ᠭᠠᠯ ᠭᠡᠵᠦ ᠲᠠᠶᠢᠯᠪᠤᠷᠢᠯᠠᠭᠰᠠᠨ ᠪᠠᠶᠢᠳᠠᠭ᠃ ᠤᠰᠤ ᠲᠡᠶᠢᠮᠦ ᠬᠦᠴᠦᠲᠡᠢ | ᠂ ᠰᠢᠳᠢ ᠲᠠᠢ ᠶᠢᠨ ᠤᠴᠢᠷ ᠪᠢᠯᠡ᠃ ︽ᠤᠰᠤ ᠶᠢ ᠨᠢ ᠤᠤᠭᠤᠪᠠᠯ ᠶᠣᠰᠣ ᠶᠢ ᠨᠢ ᠲᠠᠭ᠎ᠠ︾ ︽ᠬᠥᠮᠥᠨ ᠤ ᠳᠡᠭᠡᠳᠦ ᠨᠠᠭᠠᠴᠤ᠂ ᠣᠰᠣᠨ ᠤ ᠡᠬᠢ ᠪᠤᠯᠠᠭ︾ ᠭᠡᠵᠦ | ᠴᠦ ᠬᠡᠯᠡᠳᠡᠭ᠃ ᠭᠤᠣᠯ ᠤᠰᠤ ᠪᠠᠷ ᠨᠢ ᠢᠯᠭᠠᠨ ᠨᠡᠷᠡᠯᠡᠵᠦ ᠴᠦ ᠪᠠᠶᠢᠳᠠᠭ᠃ ᠶᠡᠷᠦ ᠨᠢ ᠨᠤᠲᠤᠭ ᠤᠰᠤ ᠠ᠋ ᠭᠡᠵᠦ ᠨᠡᠷᠡᠯᠡᠨ ᠤᠴᠢᠷᠯᠠᠬᠤ ᠶᠢᠨ ᠶᠣᠰᠣᠨ ᠴᠦ ᠲᠡᠷᠡ | ᠳ᠋ᠠ᠃ ᠡᠨᠡ ᠮᠡᠲᠦ ᠮᠠᠨ ᠤ ᠠᠷᠠᠳ ᠤᠨ ᠵᠠᠩ ᠵᠠᠩᠰᠢᠯ ᠳᠤ ᠣᠰᠣᠨ ᠤ ᠲᠤᠬᠠᠢ ᠦᠨᠡᠨ ᠤᠴᠢᠷᠯᠠᠯ ᠶᠡᠭᠡ ᠪᠤᠢ᠃ ᠴᠢᠨᠠᠭᠰᠢ ᠬᠤᠯᠪᠣᠨ ᠪᠤᠳᠣᠬᠤᠯᠠᠷ ᠪᠠᠷᠤᠭ ᠬᠥᠮᠥᠨ | ᠪᠢᠳᠡ ᠣᠰᠣᠨ ᠤ ᠤᠴᠢᠷ᠂ ᠣᠰᠣᠨ ᠤ ᠭᠡᠯᠪᠡᠷᠢ᠂ ᠣᠰᠣᠨ ᠤ ᠬᠤᠪᠢᠷᠠᠯ ᠴᠦ ᠪᠣᠯᠵᠤ ᠪᠠᠶᠢᠨ᠎ᠠ᠃ ᠲᠡᠶᠢᠮᠦ ᠶᠢᠨ ᠤᠴᠢᠷ ᠣᠰᠣᠨ ᠤ ᠳᠡᠷᠭᠡᠳᠡ ᠡᠯᠳᠡᠪ ᠢ ᠥᠭᠦᠯᠡᠬᠦ | ᠦᠭᠡᠢ᠂ ᠮᠠᠭᠤ ᠪᠤᠵᠠᠷ ᠢ ᠣᠰᠣᠨ ᠳᠤ ᠣᠷᠭᠢᠬᠤ ᠦᠭᠡᠢ ᠭᠡᠳ ᠶᠡᠭᠡ ᠣᠯᠠᠨ ᠴᠡᠭᠡᠷ ᠵᠢᠷᠤᠮ ᠢ ᠬᠡᠪᠰᠢᠭᠦᠯᠦᠨ ᠲᠠᠲᠠᠭᠤᠯᠵᠤ ᠢᠷᠡᠵᠡᠢ᠃ ᠲᠡᠭᠷᠢ ᠶᠢᠨ ᠬᠤᠷ᠎ᠠ ᠠᠴᠠ | ᠳᠣᠰᠣᠯ ᠤᠰᠤ ᠭᠦᠷᠳᠡᠯ᠎ᠡ ᠳᠡᠭᠡᠳᠦᠯᠡᠨ ᠢᠷᠡᠭᠰᠡᠨ ᠤ ᠤᠴᠢᠷ ᠭᠤᠣᠯ ᠤᠰᠤ ᠮᠢᠨᠢ ᠠᠷᠢᠭᠤᠨ ᠲᠤᠩᠭᠠᠯᠠᠭ ᠢᠪᠢᠯᠵᠦ ᠯᠡ ᠪᠠᠶᠢᠳᠠᠭ᠃ | ᠲᠤᠩᠭᠠᠯᠠᠭ ᠰᠠᠶᠢᠬᠠᠨ ᠤᠷᠤᠰᠬᠠᠯ ᠢ ᠬᠠᠷᠠᠭᠠᠳ ᠪᠠᠶᠠᠷᠯᠠᠬᠤ ᠦᠭᠡᠢ ᠬᠥᠮᠥᠨ ᠭᠡᠵᠦ ᠬᠤᠪᠣᠷ᠃ ᠴᠡᠯᠮᠡᠭ ᠬᠥᠬᠡ ᠠᠭᠠᠷ᠂ ᠴᠡᠩᠬᠡᠷ ᠲᠤᠩᠭᠠᠯᠠᠭ ᠤᠰᠤ ᠶᠢ | ᠬᠠᠷᠠᠭᠠᠳ ᠪᠠᠶᠠᠰᠬᠤ ᠨᠢ ᠴᠢ ᠪᠢᠳᠠ ᠲᠡᠳᠡᠨ ᠤ ᠬᠡᠦᠬᠡᠳ᠂ ᠦᠷ᠎ᠡ ᠰᠠᠳᠤ ᠪᠣᠯᠣᠭᠠᠳ ᠲᠡᠷᠡ ᠤᠤ︖ ᠪᠤᠣ ᠮᠡᠳᠡ᠃ ᠡᠬᠡ ᠡᠴᠢᠭᠡ ᠪᠠᠨ ᠬᠠᠷᠠᠭᠰᠠᠨ ᠮᠡᠲᠦ | ᠳᠣᠭᠳᠣᠯᠤᠨ ᠪᠠᠶᠢᠬᠤ ᠨᠢ ᠡᠴᠢᠨ᠎ᠡ ᠭᠦᠨ ᠤ ᠨᠠᠷᠢᠨ ᠬᠤᠯᠪᠣᠭᠠᠰᠤ ᠪᠠᠶᠢᠬᠤ ᠶᠢᠨ ᠤᠴᠢᠷ ᠪᠠᠶᠢᠬᠤ ᠠ᠋᠃ ᠣᠳᠣ ᠰᠢᠨᠵᠢᠯᠡᠬᠦ ᠤᠬᠠᠭᠠᠨ ᠢᠶᠠᠷ ᠤᠰᠤ ᠮᠡᠳᠡᠷᠡᠯ ᠲᠠᠢ | ᠭᠡᠵᠦ ᠰᠤᠳᠤᠯᠤᠨ ᠭᠠᠷᠭᠠᠵᠠᠢ᠃ ᠶᠠᠫᠤᠨ ᠤ ᠡᠷᠳᠡᠮᠲᠡᠨ ᠴᠦ ᠣᠰᠣᠨ ᠳᠤ ᠰᠠᠶᠢᠨ᠂ ᠮᠠᠭᠤ ᠦᠭᠡ ᠬᠡᠯᠡᠨ ᠲᠤᠷᠰᠢᠯᠲᠠ ᠬᠢᠵᠦ ᠭᠠᠶᠢᠬᠠᠯᠲᠠᠢ ᠳ᠋ᠦᠩ ᠭᠠᠷᠭᠠᠭᠰᠠᠨ ᠶᠤᠮ | ᠃ ᠲᠡᠷᠡ ᠮᠡᠳᠡᠷᠡᠯ ᠲᠠᠢ᠂ ᠮᠠᠨ ᠤ ᠡᠪᠦᠭᠡ ᠳᠡᠭᠡᠳᠦᠰ ᠠᠯᠢ ᠡᠷᠲᠡ ᠰᠡᠳᠬᠢᠯ ᠵᠢᠷᠦᠬᠡ ᠪᠠᠷ ᠢᠶᠠᠨ ᠮᠡᠳᠡᠷᠡᠭᠰᠡᠨ ᠁ ᠡᠬᠡ ᠶᠢᠨ ᠰᠦ ᠮᠡᠲᠦ ᠠᠷᠢᠭᠤᠨ ᠲᠤᠩᠭᠠᠯᠠᠭ | ᠷᠠᠰᠢᠶᠠᠨ ᠤᠰᠤ ᠶᠢ ᠳᠡᠭᠡᠳᠦᠯᠡᠨ ᠲᠠᠭᠢᠬᠤ ᠶᠢᠨ ᠤᠴᠢᠷ ᠡᠶᠢᠮᠦ ᠠᠵᠢ᠃ | ᠡᠴᠢᠭᠡ ᠡᠪᠦᠭᠡᠳ ᠤᠨ ᠮᠢᠨᠢ ᠶᠠᠰᠤ ᠪᠠᠨ ᠲᠠᠯᠪᠢᠭᠰᠠᠨ ᠡᠨᠡ ᠠᠯᠲᠠᠨ ᠰᠢᠷᠣᠢ᠂ ᠠᠷᠢᠭᠤᠨ ᠴᠢᠰᠤ ᠠᠯᠲᠠᠨ ᠠᠮᠢ ᠪᠠᠷ ᠢᠶᠠᠨ ᠬᠠᠶᠢᠷᠠᠯᠠᠨ ᠬᠠᠮᠠᠭᠠᠯᠠᠵᠤ ᠢᠷᠡᠭᠰᠡᠨ | ᠡᠨᠡ ᠨᠤᠲᠤᠭ ᠭᠡᠭᠴᠢ ᠴᠢ ᠪᠢᠳᠠᠨ ᠲᠠᠢ ᠠᠮᠢ ᠪᠡᠶ᠎ᠡ ᠠᠷᠢᠭᠤᠨ ᠰᠦᠨᠡᠰᠦᠨ ᠤ ᠬᠤᠯᠪᠤᠭ᠎ᠠ ᠲᠠᠢ ᠪᠢᠯᠡ᠃ ᠪᠢᠳᠠ ᠶᠠᠭᠠᠬᠢᠬᠤ ᠳᠠᠭᠠᠨ ᠥᠭᠡᠷ᠎ᠡ ᠲᠢᠪ ᠲᠤ ᠲᠦᠷᠦᠭᠡ | ᠦᠭᠡᠢ᠂ ᠥᠭᠡᠷ᠎ᠡ ᠣᠷᠣᠨ ᠢ ᠵᠣᠷᠢᠭ᠎ᠠ ᠦᠭᠡᠢ᠂ ᠥᠭᠡᠷ᠎ᠡ ᠨᠤᠲᠤᠭ ᠲᠤ ᠣᠴᠢᠭ᠎ᠠ ᠦᠭᠡᠢ᠂ ᠥᠭᠡᠷ᠎ᠡ ᠠᠭᠤᠯᠠ ᠣᠰᠣᠨ ᠳᠤ ᠬᠦᠷᠴᠦ ᠵᠠᠶᠠᠭᠠᠭ᠎ᠠ ᠦᠭᠡᠢ ᠪᠢᠯᠡ᠃ | ᠨᠤᠲᠤᠭ ᠤᠰᠤ ᠪᠠᠨ ᠬᠠᠶᠢᠷᠠᠯᠠᠬᠤ ᠶᠢᠨ ᠶᠣᠰᠣᠨ ᠲᠡᠷᠡ᠂ ᠴᠠᠭᠠᠨ᠎ᠠ ᠠᠴᠠ ᠪᠠᠨ ᠭᠦᠢ ᠶᠢᠨ ᠬᠤᠯᠪᠤᠭ᠎ᠠ ᠲᠠᠢ ᠶᠢᠨ ᠤᠴᠢᠷ ᠴᠦ ᠲᠡᠷᠡ ᠳ᠋ᠠ᠃ ᠣᠪᠣᠭ᠎ᠠ ᠪᠣᠰᠬᠠᠨ | ᠠᠭᠤᠯᠠ ᠬᠠᠶᠢᠷᠬᠠᠳ ᠢᠶᠠᠨ ᠲᠠᠭᠢᠨ ᠳᠡᠭᠡᠳᠦᠯᠡᠬᠦ ᠶᠢᠨ ᠤᠴᠢᠷ ᠴᠦ ᠲᠡᠶᠢᠮᠦ᠂ ᠠᠯᠳᠠᠩᠬᠠᠨ ᠭᠠᠵᠠᠷ ᠰᠢᠷᠣᠢ ᠮᠢᠨᠢ᠃ ᠭᠦᠯᠦᠭ ᠮᠣᠷᠢᠳ ᠨᠤᠲᠤᠭ ᠵᠦᠭ ᠢᠶᠠᠨ | ᠭᠦᠶᠦᠳᠡᠭ ᠤᠨ ᠨᠢᠭᠤᠴᠠ ᠴᠦ ᠲᠡᠷᠡ᠃ ᠲᠡᠷᠡ ᠭᠠᠵᠠᠷ ᠰᠢᠷᠣᠢ᠂ ᠠᠭᠤᠤ ᠬᠥᠷᠥᠰᠥᠨ ᠳᠡᠭᠡᠷ᠎ᠡ ᠮᠥᠷ ᠢᠶᠠᠨ ᠲᠠᠮᠠᠭᠠᠯᠠᠨ ᠶᠠᠪᠤᠭᠰᠠᠨ ᠡᠪᠦᠭᠡᠳ ᠤᠨ ᠠᠷᠢᠭᠤᠨ | ᠦᠢᠯᠡᠰ ᠶᠠᠭᠤᠲᠠᠢ ᠨᠠᠨᠳᠢᠨ᠂ ᠲᠡᠳᠡᠨ ᠤ ᠪᠦᠲᠦᠭᠡᠭᠰᠡᠨ ᠰᠣᠶᠣᠯ ᠲᠡᠦᠬᠡ ᠶᠠᠭᠤᠲᠠᠢ ᠡᠷᠬᠢᠮ᠃ ᠡᠨᠡ ᠠᠭᠤᠤ ᠡᠷᠬᠢᠮ ᠰᠣᠶᠣᠯ ᠲᠡᠦᠬᠡ ᠶᠢ ᠪᠦᠲᠦᠭᠡᠬᠦ ᠳᠤ ᠠᠯᠲᠠᠨ | ᠬᠥᠷᠥᠰᠥᠨ ᠠᠴᠠ ᠤᠷᠭᠤᠭᠰᠠᠨ ᠠᠮᠤ ᠲᠠᠷᠢᠶ᠎ᠠ᠂ ᠡᠪᠡᠰᠦ ᠪᠡᠯᠴᠢᠭᠡᠷ ᠬᠥᠮᠥᠨ ᠪᠢᠳᠠᠨ ᠳᠤ ᠦᠶ᠎ᠡ ᠶᠢᠨ ᠦᠶ᠎ᠡ ᠳᠤ ᠰᠢᠮ᠎ᠡ ᠪᠠᠨ ᠥᠭᠴᠦ ᠥᠰᠬᠡᠨ ᠲᠣᠷᠨᠢᠭᠤᠯᠤᠨ | ᠢᠷᠡᠵᠡᠢ᠃ ᠭᠠᠭᠴᠠ ᠨᠠᠪᠴᠢᠨ ᠤ ᠦᠨ᠎ᠡ ᠪᠢᠳᠠᠨ ᠳᠤ ᠪᠠᠶᠢᠳᠠᠭ ᠴᠦ ᠪᠣᠯᠪᠠᠤ︖ ᠬᠡᠮᠡᠨ ᠪᠤᠳᠣᠬᠤ ᠦᠶ᠎ᠡ ᠪᠤᠢ ᠰᠢᠦ᠃ ᠣᠩᠭᠤᠨ ᠲᠠᠬᠰᠢᠨ ᠥᠨᠳᠥᠷ ᠰᠦᠷᠯᠢᠭ | ᠠᠭᠤᠯᠠ ᠬᠠᠶᠢᠷᠬᠠᠳ ᠮᠢᠨᠢ᠂ ᠡᠯᠢᠭᠡᠨ ᠳᠡᠭᠡᠨ ᠮᠠᠨ ᠢ ᠪᠦᠪᠠᠶᠢᠯᠡᠭᠰᠡᠨ ᠡᠴᠢᠭᠡ ᠡᠪᠦᠭᠡᠳ ᠮᠡᠲᠦ ᠬᠠᠨᠠᠷᠠᠨ ᠰᠡᠬᠦ᠋ᠢᠭᠰᠡᠨ ᠠᠭᠤᠯᠠᠰ ᠮᠢᠨᠢ᠂ ᠬᠠᠷᠠᠭ᠎ᠠ ᠠᠯᠳᠠᠨ | ᠰᠤᠨᠢᠶᠠᠭᠰᠠᠨ ᠵᠡᠷᠭᠡᠯᠭᠡᠨᠲᠦ ᠲᠠᠯ᠎ᠠ ᠮᠢᠨᠢ᠂ ᠠᠭᠤᠳᠠᠮ ᠲᠡᠨᠢᠭᠡᠷ ᠵᠠᠩ ᠠᠷᠠᠨᠰᠢᠨ ᠤ ᠡᠬᠢ ᠮᠢᠨᠢ᠂ ᠠᠯᠳᠠᠨ ᠰᠢᠷᠭᠠᠯ ᠡᠯᠡᠰᠦ ᠮᠠᠩᠬ᠎ᠠ ᠮᠢᠨᠢ᠂ ᠠᠭᠤᠤ ᠶᠡᠭᠡ ᠲᠡᠰᠪᠦᠷᠢ | ᠲᠡᠪᠴᠢᠶᠡᠷᠢ ᠶᠢᠨ ᠡᠭᠦᠰᠦᠯ ᠮᠢᠨᠢ︕ | ᠠᠯᠲᠠᠨ ᠨᠠᠷᠠᠨ ᠤ ᠢᠯᠴᠢ ᠲᠤᠶᠠᠭᠠᠨ ᠳᠤ ᠠᠮᠢ ᠨᠠᠰᠤ ᠳᠤᠯᠠᠭᠠᠨ ᠪᠦᠯᠢᠶᠡᠨ ᠲᠣᠷᠨᠢᠵᠤ ᠢᠷᠠᠵᠠᠢ᠃ ᠲᠡᠷᠡ ᠪᠢᠳᠠᠨ ᠤ ᠬᠠᠯᠠᠭᠤᠨ ᠳᠤᠯᠠᠭᠠᠨ ᠤ ᠡᠬᠡ ᠶᠤᠮ᠃ | ᠪᠢᠳᠠ ᠡᠴᠢᠭᠡ ᠡᠪᠦᠭᠡᠳ ᠤᠨ ᠤᠳᠤᠮ ᠤᠭᠰᠠᠭ᠎ᠠ ᠪᠠᠨ ᠭᠠᠯ ᠭᠤᠯᠣᠮᠲᠠ ᠭᠡᠳᠡᠭ᠃ ᠠᠷᠢᠭᠤᠨ ᠭᠠᠯ ᠢ ᠠᠪᠴᠢᠷᠠᠭᠰᠠᠨ ᠲᠡᠦᠬᠡ ᠮᠠᠨ ᠳᠤ ᠪᠤᠢ᠃ ᠭᠡᠷᠡᠯ ᠭᠡᠭᠡ ᠦᠭᠡᠢ | ᠂ ᠬᠠᠯᠠᠭᠤᠨ ᠳᠤᠯᠠᠭᠠᠨ ᠦᠭᠡᠢ ᠪᠣᠯ ᠠᠮᠢ ᠨᠠᠰᠤ ᠦᠭᠡᠢ᠃ ᠨᠡᠬᠡᠨ ᠪᠤᠳᠣᠬᠤ ᠳᠤ ᠪᠢᠳᠠ ᠠᠯᠲᠠᠨ ᠨᠠᠷᠠᠨ ᠤ ᠬᠡᠦᠬᠡᠳ᠂ ᠠᠷᠢᠭᠤᠨ ᠭᠠᠯ ᠤᠨ ᠦᠷ᠎ᠡ ᠰᠠᠳᠤ ᠭᠡᠮᠡᠷ᠂ | ᠨᠢᠳᠦᠨ ᠳᠡᠭᠡᠨ ᠭᠠᠯ ᠲᠠᠢ᠂ ᠨᠢᠭᠤᠷ ᠲᠠᠭᠠᠨ ᠴᠤᠭ ᠲᠠᠢ ᠬᠡᠦᠬᠡᠳ ᠮᠡᠨᠳᠦᠯᠡᠬᠦ ᠶᠢᠨ ᠤᠴᠢᠷ ᠴᠦ ᠲᠡᠷᠡ᠃ ᠠᠭᠠᠷ ᠨᠢᠭᠡᠨ ᠪᠢᠵᠡ ᠪᠢᠳᠠ᠃ ᠲᠡᠷᠡ ᠠᠭᠠᠷ ᠲᠤ | ᠳᠦᠷᠡᠯᠵᠡᠨ ᠪᠤᠢ ᠭᠠᠯ ᠲᠠᠢ ᠴᠦ ᠠᠭᠠᠷ ᠨᠢᠭᠡᠨ ᠶᠤᠮ ᠪᠢᠳᠠ᠃ ᠭᠠᠯ ᠤᠨ ᠠᠮᠢ ᠪᠣᠯ ᠠᠭᠠᠷ ᠶᠤᠮ᠃ ᠲᠡᠷᠡ ᠪᠢᠳᠠᠨ ᠳᠤ ᠬᠠᠯᠠᠭᠤᠨ ᠳᠤᠯᠠᠭᠠᠨ᠂ ᠰᠠᠶᠢᠨ ᠰᠠᠶᠢᠬᠠᠨ ᠢ | ᠬᠠᠶᠢᠷᠠᠯᠠᠨ ᠪᠤᠢ᠃ ᠲᠡᠶᠢᠮᠦ ᠶᠢᠨ ᠤᠴᠢᠷ ᠭᠠᠯ ᠳᠤ ᠡᠯᠳᠡᠪ ᠤᠨ ᠪᠣᠬᠢᠷ ᠮᠠᠭᠤ ᠶᠢ ᠰᠢᠲᠠᠭᠠᠨ᠂ ᠦᠨᠦᠷ ᠲᠠᠨᠣᠷ ᠭᠠᠷᠭᠠᠬᠤ ᠶᠢ ᠶᠡᠭᠡ ᠴᠡᠭᠡᠷᠯᠡᠳᠡᠭ᠃ ᠮᠠᠭᠤ | ᠮᠠᠭᠤᠬᠠᠢ ᠶᠢ ᠴᠦ ᠭᠠᠯ ᠢᠶᠠᠷ ᠠᠷᠢᠭᠤᠯᠠᠨ ᠠᠷᠴᠢᠵᠤ᠂ ᠲᠣᠬᠰᠢᠨ ᠰᠢᠷᠦᠭᠦᠨ ᠢ ᠴᠦ ᠭᠠᠯ ᠢᠶᠠᠷ ᠳᠠᠷᠤᠵᠤ ᠪᠠᠶᠢᠭᠰᠠᠨ᠃ ᠬᠠᠷᠢᠨ ᠠᠩᠬᠢᠯᠤᠮ᠎ᠠ ᠬᠦᠵᠢ᠂ ᠠᠷᠴᠠ ᠪᠠᠨ | ᠤᠭᠤᠭᠢᠭᠤᠯᠤᠨ ᠭᠠᠯ ᠢᠶᠠᠨ ᠠᠷᠭᠠᠳᠠᠨ ᠲᠠᠭᠢᠵᠦ ᠪᠠᠶᠢᠳᠠᠭ᠃ | ᠨᠠᠷᠠ᠂ ᠤᠰᠤ᠂ ᠰᠢᠷᠣᠢ ᠶᠢᠨ ᠬᠦᠴᠦ ᠰᠢᠮ᠎ᠡ ᠪᠠᠷ ᠤᠷᠭᠤᠭᠰᠠᠨ ᠣᠢ ᠮᠣᠳᠣ ᠶᠢ ᠡᠷᠬᠢᠮᠯᠡᠨ ᠬᠠᠶᠢᠷᠠᠯᠠᠵᠤ ︽ᠣᠷᠭᠤᠭ᠎ᠠ ᠪᠠᠶᠢᠬᠤ ᠳᠠᠭᠠᠨ ᠤᠰᠤ ᠲᠠᠲᠠᠵᠤ᠂ | ᠤᠷᠭ᠎ᠠ ᠪᠣᠯᠣᠭᠠᠳ ᠠᠳᠤᠭᠤ ᠲᠠᠲᠠᠵᠤ︾ ᠬᠡᠮᠡᠨ ᠢᠷᠦᠭᠡᠯ ᠳᠡᠭᠡᠨ ᠴᠦ ᠰᠢᠭᠢᠳᠬᠡᠵᠦ᠂ ᠠᠪᠤᠷᠭᠤ ᠱᠠᠩᠰᠢ ᠮᠣᠳᠣ ᠶᠢ ᠴᠢᠮᠡᠭᠯᠡᠨ ᠲᠠᠭᠢᠳᠠᠭ ᠵᠠᠩ ᠦᠢᠯᠨ ᠲᠦᠭᠡᠮᠡᠯ | ᠪᠠᠶᠢᠳᠠᠭ᠃ ᠪᠢᠳᠠ ᠣᠢ ᠮᠣᠳᠣ ᠲᠠᠢ ᠳᠦᠷᠦᠯ ᠶᠤᠮ᠃ ᠲᠡᠳᠡ ᠪᠢᠳᠡᠨ ᠳᠤ ᠬᠠᠨ᠎ᠠ ᠣᠨᠢ ᠪᠣᠯᠣᠨ ᠭᠡᠷ ᠦᠷᠦᠭᠡ ᠪᠣᠯᠵᠤ᠂ ᠬᠠᠰᠠᠭ ᠲᠡᠷᠭᠡ ᠪᠣᠯᠣᠨ ᠬᠤᠯᠡ | ᠠᠶᠠᠯᠠᠵᠤ᠂ ᠦᠷ᠎ᠡ ᠵᠢᠮᠢᠰ ᠢᠶᠠᠷ ᠢᠶᠠᠨ ᠪᠢᠳᠠᠨ ᠢ ᠲᠡᠵᠢᠭᠡᠵᠦ᠂ ᠥᠯᠥᠭᠡᠢ ᠠᠪᠰᠠ ᠪᠣᠯᠣᠨ ᠪᠢᠳᠠᠨ ᠢ ᠪᠥᠭᠡᠴᠡᠶᠢᠯᠡᠳᠡᠭ᠃ ᠮᠣᠳᠣ ᠬᠥᠮᠥᠨ ᠤ ᠤᠴᠠᠷᠠᠯ ᠢ ᠶᠠᠷᠢᠵᠤ | ᠪᠠᠷᠠᠬᠤ ᠪᠢᠰᠢ᠂ ᠮᠣᠳᠣ ᠪᠢᠳᠠᠨ ᠤ ᠦᠯᠢᠭᠡᠷ ᠢ ᠴᠦ ᠬᠡᠯᠡᠵᠦ ᠪᠠᠷᠠᠬᠤ ᠪᠢᠰᠢ ᠳ᠋ᠠ᠃ ᠣᠢ ᠮᠣᠳᠣ ᠶᠢ ᠠᠷᠭᠠᠳᠠᠨ ᠲᠠᠭᠢᠵᠦ ᠢᠷᠡᠭᠰᠡᠨ᠂ ᠠᠮᠢ ᠭᠤᠣᠯ ᠢᠶᠠᠨ ᠵᠠᠯᠭᠠᠵᠤ | ᠢᠷᠡᠭᠰᠡᠨ ᠬᠥᠮᠥᠰ ᠪᠣᠯ ᠪᠢᠳᠠ ᠨᠠᠷ ᠶᠤᠮ᠃ | ᠳᠣᠮᠣᠭᠲᠤ ᠬᠠᠳᠠ ᠶᠢ ᠰᠢᠲᠦᠵᠦ ᠢᠷᠠᠵᠠᠢ ᠪᠢᠳᠠ᠃ ᠡᠬᠡ ᠶᠢᠨ ᠠᠯᠳᠠᠨ ᠤᠮᠠᠢ᠂ ᠰᠢᠷᠭᠤᠭᠤᠯ ᠬᠠᠳᠠ᠂ ᠡᠵᠢ ᠴᠢᠯᠠᠭᠤ᠂ ᠪᠤᠷᠬᠠᠨ ᠬᠠᠳᠠ᠂ ᠪᠦᠭᠡ ᠶᠢᠨ | ᠴᠢᠯᠠᠭᠤ᠂ ᠵᠠᠳ ᠤᠨ ᠴᠢᠯᠠᠭᠤ ᠁ ᠬᠠᠳᠠ ᠴᠢᠯᠠᠭᠤ ᠶᠢ ᠲᠠᠭᠢᠵᠦ ᠳᠡᠭᠡᠳᠦᠯᠡᠳᠡᠭ ᠶᠣᠰᠣᠨ ᠲᠦᠭᠡᠮᠡᠯ ᠪᠠᠶᠢᠳᠠᠭ᠃ ᠣᠪᠣᠭᠠᠨ ᠳᠤ ᠴᠢᠯᠠᠭᠤ ᠨᠡᠮᠡᠳᠡᠭ᠃ ᠴᠢᠯᠠᠭᠤ | ᠮᠠᠨ ᠳᠤ ᠬᠥᠭᠵᠢᠯ ᠲᠠᠪᠰᠢᠯ ᠥᠭᠭᠦᠭᠰᠡᠨ᠂ ᠴᠢᠯᠠᠭᠤᠨ ᠠᠴᠠ ᠪᠢᠳᠠ ᠲᠡᠮᠦᠷ ᠭᠠᠷᠭᠠᠭᠰᠠᠨ᠂ ᠬᠦᠷᠡᠯ ᠭᠠᠷᠭᠠᠭᠰᠠᠨ᠂ ᠰᠢᠯ ᠪᠣᠯᠣᠷ ᠭᠠᠷᠭᠠᠭᠰᠠᠨ ᠁ ᠬᠠᠳᠠᠨ | ᠪᠠᠭᠠᠲᠤᠷ᠂ ᠬᠠᠲᠠᠭᠤ ᠵᠣᠷᠢᠭ ᠢ ᠴᠦ ᠭᠠᠷᠭᠠᠭᠰᠠᠨ᠃ | ᠪᠠᠶᠢᠭᠠᠯᠢ ᠣᠷᠴᠢᠨ ᠪᠢᠳᠡᠨ ᠤ ᠡᠬᠡ ᠶᠤᠮ᠃ ᠡᠵᠢ ᠪᠠᠨ ᠬᠠᠶᠢᠷᠠᠯᠠᠬᠤ ᠦᠭᠡᠢ ᠬᠥᠮᠥᠨ ᠭᠡᠵᠦ ᠦᠭᠡᠢ ᠪᠠᠶᠢᠬ᠎ᠠ᠃ ᠬᠥᠮᠥᠨ ᠲᠥᠷᠥᠯᠬᠢᠲᠡᠨ ᠮᠢᠨᠢ᠂ ᠲᠡᠭᠦᠨ | ᠳᠡᠭᠡᠷ᠎ᠡ ᠬᠠᠮᠲᠤ ᠣᠷᠣᠰᠢᠨ ᠪᠠᠶᠢᠭ᠎ᠠ ᠠᠬᠠᠨ ᠳᠡᠭᠦᠦᠰ ᠠᠮᠢᠲᠠᠨ ᠤᠷᠭᠤᠮᠠᠯ ᠢ ᠬᠠᠶᠢᠷᠠᠯᠠᠭᠲᠤᠨ︕ ᠣᠳᠣ ᠶᠢᠨ ᠪᠢᠳᠠ ᠨᠠᠷ ᠲᠤ ᠨᠡᠶᠢᠲᠡᠯᠢᠭ ᠨᠢᠭᠡᠨ ᠭᠡᠮ ᠪᠤᠢ᠃ | ᠲᠡᠷᠡ ᠨᠢ ᠳᠡᠩᠳᠡᠭᠦᠦ ᠠᠮᠢᠨᠴᠢᠷ᠂ ᠶᠠᠭᠤᠮ᠎ᠠ ᠪᠦᠭᠦᠨ ᠢ ᠥᠪᠡᠷ ᠢᠶᠠᠷ ᠢᠶᠠᠨ ᠲᠥᠪ ᠪᠤᠯᠭᠠᠬᠤ ︽ᠪᠢ︾ ᠬᠡᠮᠡᠬᠦ ᠦᠵᠡᠯ ᠶᠤᠮ᠃ ᠲᠡᠭᠦᠨ ᠤ ᠬᠤᠣᠷ ᠢᠶᠠᠷ | ᠥᠪᠡᠷ ᠤᠨ ᠢᠶᠠᠨ ᠲᠥᠯᠥᠭᠡ ᠶᠠᠮᠠᠷ ᠮᠠᠭᠤ ᠮᠠᠭᠤᠬᠠᠢ ᠶᠢ ᠴᠦ ᠬᠢᠵᠦ᠂ ᠣᠷᠴᠢᠯᠠᠩ ᠳᠡᠯᠡᠬᠡᠢ ᠶᠢ ᠴᠦ ᠮᠠᠷᠲᠠᠨ ᠤᠮᠠᠷᠲᠠᠭᠰᠠᠨ ᠪᠠᠶᠢᠳᠠᠭ᠃ ᠬᠥᠮᠥᠰ ᠮᠢᠨᠢ ᠪᠢᠳᠡ | ᠵᠢᠵᠢᠭᠬᠡᠨ ᠰᠢᠦ᠂ ᠥᠪᠡᠷ ᠠᠴᠠ ᠪᠠᠨ ᠭᠠᠳᠠᠭᠰᠢ ᠥᠷᠭᠡᠨ ᠳᠡᠯᠡᠬᠡᠢ ᠶᠢ ᠬᠠᠷᠠᠭᠠᠷᠠᠢ᠂ ᠬᠠᠶᠢᠷᠠᠯᠠᠭᠠᠷᠠᠢ︕ ᠪᠠᠳᠮᠠᠯᠠᠭᠰᠠᠨ ᠵᠤᠯᠠ ᠶᠢ ᠬᠠᠷᠠᠨ ᠭᠦᠨ ᠪᠢᠰᠢᠷᠡᠭᠡᠴᠢ᠂ | ᠲᠡᠷᠡ᠂ ᠭᠡᠷᠡᠯ ᠭᠡᠭᠡᠨ ᠤ ᠲᠥᠯᠥᠭᠡ ᠠᠰᠠᠨ ᠪᠤᠢ᠃ ᠥᠨᠥᠴᠢᠨ ᠭᠠᠭᠴᠠ ᠴᠦᠳᠡᠩ ᠤᠨ ᠭᠡᠷᠡᠯ ᠢ ᠴᠦ ᠬᠠᠶᠢᠷᠠᠯᠠᠭᠠᠴᠢ᠂ ᠲᠡᠷᠡ ᠬᠠᠯᠠᠭᠤᠨ ᠳᠤᠯᠠᠭᠠᠨ ᠤ ᠡᠬᠢ᠃ | ᠲᠣᠰᠣᠯ ᠣᠰᠣᠨ ᠠᠴᠠ ᠠᠳᠢᠰ ᠠᠪᠤᠭᠠᠴᠢ᠂ ᠦᠬᠦᠨ ᠬᠠᠲᠠᠨ ᠪᠠᠶᠢᠬᠤ ᠦᠶ᠎ᠡ ᠶᠢᠨ ᠠᠮᠠᠨ ᠳᠤ ᠬᠤᠷᠠᠭᠰᠠᠨ ᠰᠢᠯᠦᠰᠦᠨ ᠤ ᠪᠠᠨ ᠡᠬᠢ ᠶᠢ ᠪᠤᠳᠣᠭᠠᠴᠢ᠂ | ᠵᠣᠪᠠᠯᠠᠩ ᠤᠨ ᠲᠠᠯᠠᠢ ᠳᠤ ᠲᠡᠯᠴᠢᠯᠡᠬᠦ ᠳᠡᠭᠡᠨ ᠲᠣᠰᠣᠯ ᠨᠢᠯᠪᠤᠰᠤᠨ ᠤ ᠦᠨ᠎ᠡ ᠶᠢ ᠰᠡᠳᠬᠢᠭᠡᠴᠢ᠂ ᠲᠡᠷᠡ ᠲᠣᠰᠣᠯ ᠨᠢᠯᠪᠤᠰᠤ ᠶᠠᠭᠠᠬᠢᠬᠤ ᠳᠠᠭᠠᠨ ᠴᠢᠮ᠎ᠠ ᠠᠴᠠ | ᠲᠠᠰᠣᠷᠠᠨ ᠪᠠᠶᠢᠬᠤ ᠪᠤᠢ︖ ᠰᠢᠷᠬᠡᠭ ᠰᠢᠷᠣᠢ ᠶᠢ ᠡᠷᠬᠢᠮᠯᠡ᠂ ᠥᠷᠯᠥᠭᠡ ᠠᠯᠬᠤᠬᠤ ᠳᠠᠭᠠᠨ ᠥᠯᠮᠡᠢ ᠳᠣᠣᠷᠠᠬᠢ ᠭᠠᠵᠠᠷ ᠢᠶᠠᠨ ᠳᠡᠭᠡᠳᠦᠯᠡ᠃ ᠭᠠᠭᠴᠠ ᠨᠠᠪᠴᠢ ᠶᠢ | ᠨᠠᠨᠳᠢᠩᠨᠠ᠂ ᠨᠢᠯᠬ᠎ᠠ ᠬᠡᠦᠬᠡᠳ ᠤᠨ ᠭᠠᠷ ᠮᠡᠲᠦ ᠳᠠᠩᠳᠠ ᠳᠠᠯᠠᠯᠤᠨ ᠪᠠᠶᠢᠳᠠᠭ ᠲᠡᠷᠡ ᠨᠠᠪᠴᠢ ᠲᠠᠢ ᠮᠡᠨᠳᠦᠯᠡᠭᠡᠷᠡᠢ᠃ ᠬᠡᠰᠡᠭ ᠴᠢᠯᠠᠭᠤᠨ ᠳᠤ ᠬᠦᠨᠳᠦᠳᠬᠡᠯ ᠦᠵᠡᠭᠦᠯ᠂ | ᠲᠡᠷᠡ ᠡᠬᠡ ᠣᠷᠣᠨ ᠤ ᠴᠢᠨᠢ ᠬᠡᠰᠡᠭ ᠭᠡᠳᠡᠭ ᠢ ᠪᠢᠲᠡᠭᠡᠢ ᠮᠠᠷᠲᠠ᠃ ᠪᠢᠳᠡ ᠬᠡᠨ ᠭᠡᠳᠡᠭ ᠢᠶᠠᠨ ᠲᠡᠳᠡᠨ ᠤ ᠡᠮᠦᠨ᠎ᠡ ᠪᠤᠳᠣᠭᠠᠷᠠᠢ᠂ ᠪᠦᠭᠦᠨ ᠢ ᠠᠷᠭᠠᠳᠠᠭᠠᠴᠢ︕ | ᠠᠷᠭᠠᠳᠠᠬᠤ ᠪᠣᠯ ᠡᠬᠡ ᠶᠢᠨ ᠬᠠᠶᠢᠷ᠎ᠠ ᠠᠴᠠ ᠡᠬᠢ ᠲᠠᠢ ᠬᠠᠶᠢᠷ᠎ᠠ ᠶᠤᠮ᠃ ᠠᠷᠭᠠᠳᠠᠬᠤ ᠪᠣᠯ ᠵᠥᠭᠡᠯᠡᠨ ᠠᠢ ᠶᠤᠮ᠃ ᠡᠨᠡ ᠣᠷᠴᠢᠯᠠᠩ ᠬᠠᠶᠢᠷ᠎ᠠ ᠶᠢᠨ ᠣᠷᠴᠢᠯᠠᠩ | ᠪᠤᠯᠬᠤ ᠠᠴᠠ ᠪᠢᠰᠢ᠂ ᠬᠠᠷᠭᠢᠰ ᠤᠨ ᠣᠷᠴᠢᠯᠠᠩ ᠪᠢᠰᠢ᠃ ᠡᠪᠦᠭᠡ ᠳᠡᠭᠡᠳᠦᠰ ᠤᠨ ᠪᠦᠲᠦᠭᠡᠭᠰᠡᠨ ᠠᠷᠭᠠᠳᠠᠯ ᠰᠢᠭ᠋ ᠰᠠᠶᠢᠨ ᠰᠠᠶᠢᠬᠠᠨ ᠰᠤᠷᠲᠠᠯ ᠬᠠᠮᠢᠭ᠎ᠠ ᠪᠠᠶᠢᠨ᠎ᠠ᠃ | ᠪᠢᠳᠡ ᠬᠠᠮᠲᠤ ᠶᠢᠨ ᠴᠣᠭᠴᠠ ᠶᠤᠮ᠃ ᠬᠠᠮᠲᠤ ᠶᠢᠨ ᠴᠣᠭᠴᠠ ᠶᠢ ᠡᠶ᠎ᠡ ᠵᠣᠬᠢᠴᠠᠯ ᠲᠠᠢ ᠪᠠᠶᠢᠯᠭᠠᠬᠤ ᠶᠢᠨ ᠦᠨᠳᠦᠰᠦ ᠨᠢ ᠠᠷᠭᠠᠳᠠᠯ᠃ ᠠᠷᠭᠠᠳᠠᠯ ᠪᠣᠯ ᠵᠥᠭᠡᠯᠡᠨ | ᠬᠠᠨᠳᠤᠯᠭ᠎ᠠ᠃ ᠡᠨᠡ ᠪᠣᠯ ᠥᠨᠢ ᠤᠳᠠᠭᠠᠨ ᠣᠷᠣᠰᠢᠨ ᠲᠣᠭᠲᠠᠨᠢᠬᠤ ᠶᠢᠨ ᠦᠨᠡᠨ ᠵᠥᠪ᠂ ᠬᠠᠲᠠᠭᠤ ᠶᠣᠰᠣ᠃ | ᠨᠠᠷᠠ ᠶᠢ ᠠᠷᠭᠠᠳᠠᠨ᠂ ᠤᠰᠤ ᠶᠢ ᠠᠷᠭᠠᠳᠠᠨ᠂ ᠠᠭᠤᠯᠠ ᠶᠢ ᠠᠷᠭᠠᠳᠠᠨ᠂ ᠨᠤᠲᠤᠭ ᠢᠶᠠᠨ ᠠᠷᠭᠠᠳᠠᠨ᠂ ᠳᠡᠯᠡᠬᠡᠢ ᠶᠢ ᠠᠷᠭᠠᠳᠠᠶ᠎ᠠ᠂ ᠡᠷᠬᠢᠮ ᠬᠥᠮᠥᠨ | ᠲᠥᠷᠥᠯᠬᠢᠲᠡᠨ ᠮᠢᠨᠢ︕ |